ᠮᠣᠩᠭ᠋ᠤᠯ ᠤᠯᠤᠰ ᠤᠨ ᠶᠡᠷᠦᠩᠬᠡᠢᠢᠯᠡᠭᠴᠢ ᠶᠢᠨ ᠲᠠᠮᠠᠭ᠎ᠠ ᠶᠢᠨ ᠭᠠᠵᠠᠷ ᠤᠨ ᠳᠠᠷᠤᠭ᠎ᠠ ᠵᠠ᠂ ᠡᠩᠬᠡᠪᠣᠯᠤᠳ ᠶᠡᠷᠦᠩᠬᠡᠢᠢᠯᠡᠭᠴᠢ ᠶᠢᠨ ᠴᠣᠮᠣ ᠶᠢᠨ ᠲᠥᠯᠦᠭᠡᠬᠢ ᠴᠢᠨᠰᠠᠭ᠎ᠠ ᠥᠨᠳᠥᠷ 128 ᠪᠥᠬᠡ ᠶᠢᠨ 2017 ᠣᠨ ᠤ ᠪᠠᠷᠢᠯᠳᠤᠭᠠᠨ ᠳᠤ ᠲᠦᠷᠦᠭᠦᠯᠡᠭᠰᠡᠨ ᠤᠪᠰᠤ ᠠᠢᠢᠮᠠᠭ ᠤᠨ ᠲᠡᠰ ᠰᠤᠮᠤ ᠶᠢᠨ ᠬᠠᠷᠢᠶᠠᠲᠤ᠂ ᠦᠨᠳᠦᠰᠦᠨ ᠦ ᠪᠠᠲᠤᠯᠠᠨ ᠬᠠᠮᠠᠭᠠᠯᠠᠬᠤ ᠶᠢᠨ ᠶᠡᠬᠡ ᠰᠤᠷᠭᠠᠭᠤᠯᠢ᠂ 《ᠤᠪᠰᠤ ᠨᠠᠭᠤᠷ》 ᠳᠡᠪᠵᠢᠶᠡᠨ ᠦ ᠪᠥᠬᠡ᠂ ᠮᠣᠩᠭ᠋ᠤᠯ ᠤᠯᠤᠰ ᠤᠨ ᠬᠠᠷᠴᠠᠭ᠎ᠠ ᠲᠥᠷᠥ ᠡ ᠶᠢᠨ ᠪᠠᠰᠠᠩᠬᠦᠦ ᠳᠥ ᠥᠨᠥᠳᠥᠷ ᠶᠡᠷᠦᠩᠬᠡᠢᠢᠯᠡᠭᠴᠢ ᠶᠢᠨ ᠨᠡᠷᠡᠮᠵᠢᠲᠦ ᠴᠣᠮᠣ ᠶᠢ᠂ ᠴᠣᠮᠣ ᠭᠠᠷᠳᠠᠭᠤᠯᠬᠤ ᠲᠤᠬᠠᠢ ᠵᠠᠷᠯᠢᠭ ᠤᠨ ᠬᠠᠮᠲᠤ ᠳᠤᠷᠠᠰᠬᠠᠵᠤ᠂ ᠠᠮᠵᠢᠯᠲᠠ ᠬᠦᠰᠡᠯ᠎ᠡ᠃
ᠮᠣᠩᠭ᠋ᠤᠯᠴᠤᠳ ᠦᠨᠳᠦᠰᠦᠨ ᠦ ᠡᠷᠬᠡ ᠴᠢᠯᠦᠭᠡ᠂ ᠲᠤᠰᠠᠭᠠᠷ ᠲᠣᠭᠲᠠᠨᠢᠯ ᠢᠶᠠᠨ ᠰᠡᠷᠭᠦᠭᠡᠨ ᠮᠠᠨᠳᠤᠭᠤᠯᠤᠭᠰᠠᠨ ᠤ 106 ᠵᠢᠯ ᠦᠨ ᠣᠢ ᠳᠤ ᠵᠣᠷᠢᠭᠤᠯᠤᠭᠰᠠᠨ ᠶᠡᠷᠦᠩᠬᠡᠢᠢᠯᠡᠭᠴᠢ ᠶᠢᠨ ᠴᠣᠮᠣ ᠶᠢᠨ ᠲᠥᠯᠦᠭᠡᠬᠢ ᠴᠢᠨᠰᠠᠭ᠎ᠠ ᠥᠨᠳᠥᠷ 128 ᠪᠥᠬᠡ ᠶᠢᠨ ᠪᠠᠷᠢᠯᠳᠤᠭᠠᠨ ᠦᠨᠳᠦᠰᠦᠨ ᠦ ᠡᠷᠬᠡ ᠴᠢᠯᠦᠭᠡ᠂ ᠲᠤᠰᠠᠭᠠᠷ ᠲᠣᠭᠲᠠᠨᠢᠯ ᠢᠶᠠᠨ ᠰᠡᠷᠭᠦᠭᠡᠭ᠍ᠰᠡᠨ ᠦ 100 ᠵᠢᠯ ᠦᠨ ᠣᠢ ᠪᠠᠷ 2011 ᠣᠨ ᠳᠤ ᠠᠩᠬ᠎ᠠ ᠵᠣᠬᠢᠶᠠᠨ ᠪᠠᠶᠢᠭᠤᠯᠤᠭᠳᠠᠵᠤ ᠪᠠᠶᠢᠭᠰᠠᠨ ᠶᠤᠮ᠃