ᠱᠸᠧᠢᠼᠠᠷ ᠤᠨ ᠬᠣᠯᠪᠣᠭᠠᠨ ᠤ ᠤᠯᠤᠰ ᠤᠨ ᠳ᠋ᠠᠸᠣᠰ ᠬᠣᠲᠠ ᠳᠤ ᠪᠣᠯᠵᠤ ᠪᠤᠢ ᠳᠡᠯᠡᠬᠡᠢ ᠢᠢᠨ ᠡᠳ᠋ ᠍ ᠦᠨ ᠵᠠᠰᠠᠭ ᠤᠨ ᠴᠢᠭᠤᠯᠭᠠᠨ ᠳᠤ ᠣᠷᠣᠯᠴᠠᠵᠤ ᠪᠠᠢᠢᠭ᠎ᠠ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠥᠨᠥᠳᠥᠷ ᠳᠡᠯᠡᠬᠡᠢ ᠢᠢᠨ ᠬᠤᠪᠴᠠᠰᠤ᠂ ᠵᠠᠭᠪᠤᠷ ᠤᠨ ᠲᠡᠷᠢᠭᠦᠯᠡᠬᠦ 《Gucci》 ᠺᠣᠮᠫᠠᠨᠢ ᠢᠢᠨ ᠵᠠᠬᠢᠷᠤᠯ ᠮᠠᠷᠺᠣ ᠪᠢᠽᠽᠠᠷᠢ ᠲᠠᠢ ᠠᠭᠤᠯᠵᠠᠯ᠎ᠠ᠃
ᠠᠭᠤᠯᠵᠠᠯᠲᠠ ᠪᠠᠷ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠮᠣᠩ᠋ᠭᠣᠯ ᠤᠯᠤᠰ ᠤᠨ ᠳᠠᠷᠬᠠᠨ ᠬᠣᠲᠠ ᠳᠤ ᠬᠡᠷᠡᠭᠵᠢᠵᠦ ᠪᠤᠢ ᠠᠷᠠᠰᠤ᠂ ᠰᠢᠷᠢ ᠪᠣᠯᠪᠠᠰᠤᠷᠠᠭᠤᠯᠬᠤ ᠦᠢᠯᠡᠳᠪᠦᠷᠢ ᠢᠢᠨ ᠲᠥᠰᠥᠯ ᠢ ᠲᠠᠨᠢᠯᠴᠠᠭᠤᠯᠵᠤ᠂ 《Gucci》 ᠪᠷᠧᠨ᠋ᠳ᠋ ᠦᠨ ᠠᠷᠠᠰᠤᠨ ᠪᠦᠲᠦᠭᠡᠭ᠍ᠳᠡᠬᠦᠨ ᠦᠢᠯᠡᠳᠪᠦᠷᠢᠯᠡᠬᠦ ᠳᠥ ᠪᠡᠨ ᠮᠣᠩ᠋ᠭᠣᠯ ᠤᠨ ᠪᠣᠯᠪᠠᠰᠤᠷᠠᠭᠤᠯᠤᠭᠰᠠᠨ ᠠᠷᠠᠰᠤ ᠢᠢ ᠠᠰᠢᠭᠯᠠᠬᠤ ᠪᠣᠯᠤᠮᠵᠢ ᠲᠠᠢ ᠡᠰᠡᠬᠦ ᠠᠰᠠᠭᠤᠳᠠᠯ ᠢᠶᠠᠷ ᠶᠠᠷᠢᠯᠴᠠᠭᠰᠠᠨ ᠶᠤᠮ᠃
ᠨᠣᠶᠠᠨ ᠮᠠᠷᠺᠣ ᠪᠢᠽᠽᠠᠷᠢ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠰᠠᠨᠠᠯ ᠢ ᠬᠦᠯᠢᠶᠡᠨ ᠠᠪᠴᠤ᠂ ᠮᠣᠩ᠋ᠭᠣᠯ ᠤᠯᠤᠰ ᠤᠷᠤᠭᠤ ᠥᠪᠡᠷ ᠦᠨ ᠪᠠᠭ ᠢ ᠢᠯᠡᠭᠡᠵᠦ᠂ ᠠᠷᠠᠰᠤ ᠰᠢᠷᠢ ᠪᠣᠯᠪᠠᠰᠤᠷᠠᠭᠤᠯᠬᠤ ᠦᠢᠯᠡᠳᠪᠦᠷᠢ ᠢᠢᠨ ᠲᠥᠰᠦᠯ ᠲᠡᠢ ᠲᠠᠨᠢᠯᠴᠠᠨ ᠰᠤᠳᠤᠯᠭᠠᠨ ᠤ ᠠᠵᠢᠯ ᠡᠬᠢᠯᠡᠭᠦᠯᠬᠦ ᠪᠡᠨ ᠢᠯᠡᠷᠬᠡᠢᠢᠯᠡᠪᠡ᠃