ᠱᠸᠧᠢᠼᠠᠷ ᠤᠨ ᠬᠣᠯᠪᠣᠭᠠᠨ ᠤ ᠤᠯᠤᠰ ᠤᠨ ᠳ᠋ᠠᠸᠣᠰ ᠬᠣᠲᠠᠨ᠎ᠠ ᠳᠡᠯᠡᠬᠡᠢ ᠢᠢᠨ ᠡᠳ᠋ ᠍ ᠦᠨ ᠵᠠᠰᠠᠭ ᠤᠨ ᠴᠢᠭᠤᠯᠭᠠᠨ ᠳᠤ ᠣᠷᠣᠯᠴᠠᠵᠤ ᠪᠠᠢᠢᠭ᠎ᠠ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠥᠨᠥᠳᠥᠷ ᠠᠭᠤᠷ ᠠᠮᠢᠰᠬᠤᠯ ᠤᠨ ᠥᠭᠡᠷᠡᠴᠢᠯᠡᠯᠲᠡ ᠢᠢᠨ ᠡᠰᠡᠷᠬᠦ ᠲᠡᠮᠡᠴᠡᠭᠴᠢ ᠭᠷᠧᠲ᠋ᠠ ᠲᠦᠨ᠋ᠪᠧᠷᠭ ᠲᠡᠢ ᠠᠭᠤᠯᠵᠠᠵᠤ᠂ ᠲᠡᠭᠦᠨ ᠢ ᠮᠣᠩ᠋ᠭᠣᠯ ᠤᠯᠤᠰ ᠲᠤ ᠪᠣᠯᠬᠤ ᠣᠯᠠᠨ ᠤᠯᠤᠰ ᠤᠨ ᠵᠠᠯᠠᠭᠤᠴᠤᠳ ᠤᠨ ᠨᠣᠭᠣᠭᠠᠨ ᠨᠠᠭᠠᠳᠤᠮ ᠳᠤ ᠬᠦᠷᠦᠯᠴᠡᠨ ᠢᠷᠡᠬᠦ ᠢᠢ ᠤᠷᠢᠯ᠎ᠠ᠃
《ᠨᠣᠭᠣᠭᠠᠨ ᠨᠠᠭᠠᠳᠤᠮ》 ᠍ ᠢ ᠵᠣᠬᠢᠶᠠᠨ ᠪᠠᠢᠢᠭᠤᠯᠬᠤ ᠪᠣᠯᠤᠭᠰᠠᠨ ᠨᠢ ᠠᠭᠤᠷ ᠠᠮᠢᠰᠬᠤᠯ ᠤᠨ ᠥᠭᠡᠷᠡᠴᠢᠯᠡᠯᠲᠡ ᠢᠢᠨ ᠡᠰᠡᠷᠬᠦ ᠵᠠᠯᠠᠭᠤᠴᠤᠳ ᠤᠨ ᠳᠠᠭᠤ ᠬᠣᠭᠣᠯᠠᠢ ᠢᠢ ᠰᠫᠣᠷᠲ ᠢᠶᠠᠷ ᠳᠠᠮᠵᠢᠭᠤᠯᠤᠨ ᠬᠦᠷᠭᠡᠬᠦ ᠵᠣᠷᠢᠯᠭ᠎ᠠ ᠲᠠᠢ ᠪᠥᠭᠡᠳ 2020 ᠣᠨ ᠤ ᠶᠢᠰᠦᠳᠦᠭᠡᠷ ᠰᠠᠷ᠎ᠠ ᠢᠢᠨ 13-19 ᠍ ᠦ ᠡᠳᠦᠷ ᠦᠳ ᠲᠥ ᠤᠯᠠᠭᠠᠨᠪᠠᠭᠠᠲᠤᠷ ᠬᠣᠲᠠ ᠳᠤ ᠵᠣᠬᠢᠶᠠᠨ ᠪᠠᠢᠢᠭᠤᠯᠬᠤ ᠪᠠᠷ ᠲᠣᠪᠯᠠᠵᠤ ᠪᠠᠢᠢᠨ᠎ᠠ᠃
ᠨᠢᠭᠡᠳᠦᠭᠰᠡᠨ ᠦᠨᠳᠦᠰᠦᠳᠡᠨ ᠦ ᠪᠠᠢᠢᠭᠤᠯᠤᠯᠭ᠎ᠠ ᠠᠴᠠ ᠡᠬᠡ ᠳᠡᠯᠡᠬᠡᠢ ᠪᠡᠨ ᠢᠷᠡᠭᠡᠳᠦᠢ ᠬᠣᠢᠢᠴᠢ ᠳᠤ ᠪᠠᠨ ᠥᠪᠯᠡᠭᠦᠯᠦᠨ ᠦᠯᠡᠳᠡᠭᠡᠬᠦ᠂ ᠰᠢᠳᠤᠷᠭᠤ᠂ ᠡᠩᠬᠡ ᠲᠤᠩᠬ᠎ᠠ᠂ ᠬᠦᠷᠲᠡᠭᠡᠮᠵᠢᠲᠡᠢ ᠨᠡᠢᠢᠭᠡᠮ ᠳᠥ ᠠᠮᠢᠳᠤᠷᠠᠬᠤ᠂ ᠠᠵᠠ ᠵᠢᠷᠭᠠᠯ ᠲᠠᠢ᠂ ᠰᠡᠳᠬᠢᠯ ᠬᠠᠩ᠋ᠭᠠᠯᠤᠭᠤᠨ᠂ ᠢᠯᠡᠭᠦᠦ ᠰᠠᠢᠢᠬᠠᠨ ᠠᠮᠢᠳᠤᠷᠠᠯ ᠢ ᠴᠣᠭᠴᠠᠯᠠᠭᠠᠬᠤ ᠢᠢᠨ ᠲᠥᠯᠦᠭᠡ ᠳᠡᠯᠡᠬᠡᠢ ᠢᠢᠨ ᠪᠦᠬᠦ ᠣᠷᠣᠨ᠂ ᠨᠡᠢᠢᠭᠡᠮ᠂ ᠬᠤᠪᠢ ᠢᠢᠨ ᠪᠠᠢᠢᠭᠤᠯᠤᠯᠭ᠎ᠠ ᠪᠣᠯᠤᠨ ᠢᠷᠭᠡᠳ ᠦᠨ ᠳᠡᠮᠵᠢᠯᠭᠡ ᠲᠡᠢ ᠪᠡᠷ 《ᠲᠣᠭᠲᠠᠪᠤᠷᠢᠲᠠᠢ ᠬᠥᠭ᠍ᠵᠢᠯ ᠦᠨ ᠵᠣᠷᠢᠯᠲᠠ ᠨᠤᠭᠤᠳ-2030》 ᠍ ᠢ ᠪᠣᠯᠪᠠᠰᠤᠷᠠᠭᠤᠯᠵᠤ᠂ ᠬᠡᠷᠡᠭᠵᠢᠭᠦᠯᠵᠦ ᠪᠠᠢᠢᠭ᠎ᠠ ᠶᠤᠮ᠃
ᠲᠣᠭᠲᠠᠪᠤᠷᠢᠲᠠᠢ ᠬᠥᠭ᠍ᠵᠢᠯ ᠦᠨ ᠵᠣᠷᠢᠯᠲᠠ ᠨᠤᠭᠤᠳ ᠢ 《ᠨᠣᠭᠣᠭᠠᠨ ᠨᠠᠭᠠᠳᠤᠮ》 ᠍ ᠢ ᠵᠣᠬᠢᠶᠠᠨ ᠪᠠᠢᠢᠭᠤᠯᠤᠭᠴᠢ ᠮᠣᠩ᠋ᠭᠣᠯ ᠤᠯᠤᠰ ᠪᠦᠷᠢᠨ ᠳᠡᠮᠵᠢᠵᠦ ᠪᠠᠢᠢᠭ᠎ᠠ ᠪᠥᠭᠡᠳ ᠵᠣᠷᠢᠯᠲᠠ ᠲᠠᠢ ᠤᠶᠠᠯᠳᠤᠭᠤᠯᠤᠨ ᠡᠺᠣ ᠰᠣᠩ᠋ᠭᠣᠯᠲᠠ ᠨᠤᠭᠤᠳ ᠢ ᠬᠢᠬᠦ᠂ ᠨᠣᠭᠣᠭᠠᠨ ᠪᠠᠢᠢᠭᠠᠯᠢ ᠳᠡᠯᠡᠬᠡᠢ ᠪᠡᠨ ᠬᠠᠮᠠᠭᠠᠯᠠᠬᠤ ᠢᠢᠨ ᠴᠢᠬᠤᠯᠠ ᠢᠢ ᠲᠠᠨᠢᠭᠤᠯᠬᠤ᠂ ᠵᠠᠯᠠᠭᠤᠴᠤᠳ ᠤᠨ ᠥᠪᠡᠷᠰᠡᠳ ᠦᠨ ᠬᠢ ᠨᠢ ᠣᠷᠣᠯᠴᠠᠭᠠᠨ ᠳᠤ ᠲᠤᠯᠭᠠᠭᠤᠷᠢᠯᠠᠨ ᠣᠢᠢᠯᠠᠭᠠᠭᠤᠯᠬᠤ ᠲᠣᠮᠣᠬᠠᠨ ᠵᠣᠷᠢᠯᠭ᠎ᠠ ᠲᠠᠯᠪᠢᠨ ᠠᠵᠢᠯᠯᠠᠵᠤ ᠪᠠᠢᠢᠨ᠎ᠠ᠃ ᠨᠠᠭᠠᠳᠤᠮ ᠢ ᠨᠢᠭᠡᠳᠦᠭᠰᠡᠨ ᠦᠨᠳᠦᠰᠦᠨ ᠦ ᠪᠠᠢᠢᠭᠤᠯᠤᠯᠭ᠎ᠠ ᠢᠢᠨ ᠭᠡᠰᠢᠭᠦᠨ 195 ᠣᠷᠣᠨ ᠤ 18 ᠨᠠᠰᠤ ᠬᠦᠷᠲᠡᠯᠡᠬᠢ ᠵᠠᠯᠠᠭᠤᠴᠤᠳ ᠤᠨ ᠳᠤᠮᠳᠠ᠂ ᠰᠫᠣᠷᠲ ᠤᠨ 19 ᠲᠥᠷᠦᠯ ᠢᠶᠡᠷ ᠵᠣᠬᠢᠶᠠᠨ ᠪᠠᠢᠢᠭᠤᠯᠬᠤ ᠪᠠᠷ ᠲᠥᠯᠦᠪᠯᠡᠵᠦ ᠪᠠᠢᠢᠭ᠎ᠠ ᠶᠤᠮ᠃