Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ᠂ ᠨᠣᠷᠸᠧᠭᠢ ᠢᠢᠨ ᠬᠠᠭᠠᠨᠲᠤ ᠤᠯᠤᠰ ᠤᠨ ᠶᠡᠷᠦᠩᠬᠡᠢ ᠰᠠᠢᠢᠳ ᠧᠷᠨᠠ ᠰᠣᠯᠪᠧᠷᠭ ᠨᠠᠷ ᠰᠡᠳᠬᠦᠯᠴᠢᠳ ᠲᠥ ᠮᠡᠳᠡᠭᠡᠯᠡᠯ ᠥᠭᠪᠡ

ᠨᠣᠷᠸᠧᠭᠢ ᠢᠢᠨ ᠬᠠᠭᠠᠨᠲᠤ ᠤᠯᠤᠰ ᠲᠤ ᠠᠢᠢᠯᠴᠢᠯᠠᠵᠤ ᠪᠠᠢᠢᠭ᠎ᠠ ᠮᠣᠩ᠋ᠭᠣᠯ  ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ᠂ ᠲᠤᠰ ᠤᠯᠤᠰ ᠤᠨ ᠶᠡᠷᠦᠩᠬᠡᠢ ᠰᠠᠢᠢᠳ ᠬᠠᠲᠤᠭᠲᠠᠢ ᠧᠷᠨᠠ ᠰᠣᠯᠪᠧᠷᠭ ᠨᠠᠷ ᠠᠭᠤᠯᠵᠠᠭᠰᠠᠨ ᠤ ᠪᠠᠨ ᠳᠠᠷᠠᠭ᠎ᠠ ᠬᠣᠶᠠᠷ ᠤᠯᠤᠰ ᠤᠨ ᠬᠡᠪᠯᠡᠯ᠂ ᠮᠡᠳᠡᠭᠡᠯᠡᠯ ᠦᠨ ᠲᠥᠯᠥᠭᠡᠯᠡᠭᠴᠢᠳ ᠲᠥ ᠲᠣᠪᠴᠢ ᠮᠡᠳᠡᠭᠡᠯᠡᠯ ᠥᠭ᠍ᠭᠦᠯ᠎ᠡ᠃

ᠬᠠᠲᠤᠭᠲᠠᠢ ᠧᠷᠨᠠ ᠰᠣᠯᠪᠧᠷᠭ᠂ 《ᠨᠣᠷᠸᠧᠭᠢ  ᠪᠣᠯᠤᠨ ᠮᠣᠩ᠋ᠭᠣᠯ  ᠤᠯᠤᠰ ᠭᠠᠵᠠᠷ ᠵᠦᠢ ᠢᠢᠨ ᠬᠤᠪᠢ ᠳᠤ ᠠᠯᠤᠰᠯᠠᠭᠳᠠᠮᠠᠯ᠂ ᠡᠳ᠋ ᠍ ᠦᠨ ᠵᠠᠰᠠᠭ ᠤᠨ ᠪᠦᠲᠦᠴᠡ ᠨᠢ ᠥᠭᠡᠷ᠎ᠡ ᠴᠤ ᠭᠡᠰᠡᠨ ᠬᠠᠷᠢᠯᠴᠠᠭ᠎ᠠ᠂ ᠬᠠᠮᠲᠤ ᠢᠢᠨ ᠠᠵᠢᠯᠯᠠᠭ᠎ᠠ ᠢᠢ ᠪᠠᠨ ᠥᠷᠭᠡᠵᠢᠭᠦᠯᠬᠦ ᠥᠷᠭᠡᠨ ᠪᠣᠯᠤᠮᠵᠢ ᠲᠠᠢ᠃ ᠪᠢᠳᠡᠨ ᠦ ᠬᠤᠪᠢ ᠳᠤ ᠢᠵᠢᠯ ᠲᠥᠰᠲᠡᠢ ᠵᠦᠢᠯ ᠴᠥᠭᠡᠨ ᠦᠭᠡᠢ ᠪᠠᠢᠢᠭ᠎ᠠ ᠢᠢᠨ ᠨᠢᠭᠡ ᠨᠢ ᠭᠠᠵᠠᠷ ᠤᠨ ᠠᠷᠪᠢᠨ ᠪᠠᠶᠠᠯᠢᠭ ᠶᠤᠮ᠃ ᠮᠣᠩ᠋ᠭᠣᠯ  ᠤᠯᠤᠰ ᠪᠠᠢᠢᠭᠠᠯᠢ ᠢᠢᠨ ᠪᠠᠶᠠᠯᠢᠭ ᠢᠶᠠᠨ ᠠᠰᠢᠭᠯᠠᠵᠤ᠂ ᠲᠡᠭᠦᠨ ᠡᠴᠡ ᠣᠯᠤᠭᠰᠠᠨ ᠠᠰᠢᠭ ᠢᠶᠠᠷ ᠢᠶᠠᠨ ᠢᠷᠭᠡᠳ ᠦᠨ ᠢᠶᠡᠨ ᠣᠷᠣᠯᠭ᠎ᠠ ᠢᠢ ᠨᠡᠮᠡᠭᠳᠡᠭᠦᠯᠬᠦ ᠳᠥ ᠬᠡᠷᠬᠢᠨ ᠠᠩ᠋ᠬᠠᠷᠴᠤ ᠪᠠᠢᠢᠭ᠎ᠠ ᠲᠠᠯ᠎ᠠ ᠪᠠᠷ ᠮᠡᠳᠡᠭᠡᠯᠡᠯ ᠰᠣᠨᠣᠰᠬᠤ ᠳᠤ ᠲᠠᠭᠠᠲᠠᠢ ᠪᠠᠢᠢᠯ᠎ᠠ᠃ ᠨᠣᠷᠸᠧᠭᠢ ᠤᠯᠤᠰ ᠭᠠᠵᠠᠷ ᠤᠨ ᠲᠣᠰᠣ᠂ ᠬᠡᠢ ᠢᠢᠨ ᠨᠥᠭᠡᠴᠡ ᠪᠡᠷ ᠠᠷᠪᠢᠨ᠃ ᠡᠭᠦᠨ ᠡᠴᠡ ᠣᠯᠤᠭᠰᠠᠨ ᠣᠷᠣᠯᠭ᠎ᠠ ᠪᠠᠨ ᠡᠷᠬᠡ ᠲᠡᠭᠰᠢ ᠬᠤᠪᠢᠶᠠᠷᠢᠯᠠᠳᠠᠭ ᠡᠨᠡᠬᠦ ᠲᠤᠷᠰᠢᠯᠭ᠎ᠠ ᠠᠴᠠ ᠪᠠᠨ ᠬᠤᠪᠢᠶᠠᠯᠴᠠᠬᠤ ᠳᠤ ᠪᠡᠯᠡᠨ ᠪᠠᠢᠢᠨ᠎ᠠ᠃ ᠢᠩᠭᠢᠭ᠍ᠰᠡᠨ ᠢᠶᠡᠷ ᠭᠠᠵᠠᠷ ᠤᠨ ᠪᠠᠶᠠᠯᠢᠭ ᠠᠴᠠ ᠣᠯᠤᠭᠰᠠᠨ ᠣᠷᠣᠯᠭ᠎ᠠ ᠴᠥᠭᠡᠨ ᠬᠡᠳᠦᠨ ᠠᠢᠢᠯ᠂ ᠡᠷᠦᠬᠡ᠂ ᠺᠣᠮᠫᠠᠨᠢ ᠳᠤ ᠪᠤᠰᠤ᠂ ᠨᠡᠢᠢᠲᠡ ᠢᠷᠭᠡᠳ ᠲᠥ ᠬᠦᠷᠲᠡᠭᠡᠮᠵᠢᠲᠡᠢ ᠪᠠᠢᠢᠬᠤ ᠪᠣᠯᠤᠮᠵᠢ ᠲᠠᠢ ᠪᠣᠯᠤᠨ᠎ᠠ᠃ ᠮᠣᠩ᠋ᠭᠣᠯ  ᠤᠯᠤᠰ ᠤᠨ ᠶᠡᠷᠦᠩᠬᠡᠢᠢᠯᠡᠭᠴᠢ ᠲᠠᠨ ᠢ ᠨᠣᠷᠸᠧᠭᠢ ᠢ ᠢᠢᠨ  ᠤᠯᠤᠰ ᠲᠤ ᠲᠠᠪᠠᠲᠠᠢ ᠮᠣᠷᠢᠯᠠᠬᠤ ᠢᠢ ᠬᠦᠰᠡᠶ᠎ᠡ》 ᠭᠡᠰᠡᠨ ᠶᠤᠮ᠃

ᠬᠠᠷᠢᠨ ᠮᠣᠩ᠋ᠭᠣᠯ  ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ᠂ 《ᠬᠠᠲᠤᠭᠲᠠᠢ ᠡᠷᠨᠠ ᠰᠣᠯᠪᠧᠷᠭ ᠲᠡᠢ ᠰᠠᠨᠠᠯ ᠨᠢᠭᠡ ᠪᠠᠢᠢᠨ᠎ᠠ᠃ ᠬᠣᠶᠠᠷ ᠤᠯᠤᠰ ᠤᠨ ᠬᠣᠭᠣᠷᠣᠨᠳᠣ ᠠᠳᠠᠯᠢ ᠲᠥᠰᠲᠡᠢ ᠵᠦᠢᠯᠡᠰ ᠶᠡᠬᠡ ᠪᠠᠢᠢᠳᠠᠭ᠃ ᠡᠨᠡ ᠤᠳᠠᠭ᠎ᠠ ᠳᠤ ᠪᠠᠶᠠᠯᠢᠭ ᠤᠨ ᠰᠠᠩ ᠤᠨ ᠠᠰᠠᠭᠤᠳᠠᠯ ᠢᠶᠠᠷ ᠪᠣᠯᠤᠨ ᠪᠤᠰᠤᠳ ᠠᠰᠠᠭᠤᠳᠠᠯ ᠢᠶᠠᠷ ᠬᠠᠮᠲᠤᠷᠠᠨ ᠠᠵᠢᠯᠯᠠᠬᠤ ᠲᠠᠯ᠎ᠠ ᠪᠠᠷ ᠳᠡᠯᠭᠡᠷᠡᠩᠭᠦᠢ ᠶᠠᠷᠢᠯᠴᠠᠵᠤ᠂ ᠰᠠᠨᠠᠯ ᠰᠣᠯᠢᠯᠴᠠᠯ᠎ᠠ᠃ ᠠᠵᠢᠯ ᠬᠡᠷᠡᠭ ᠪᠣᠯᠭᠠᠬᠤ ᠡᠭᠦᠳᠡᠨ ᠡᠴᠡ ᠴᠢᠨᠠᠭᠰᠢᠳᠠ ᠢᠯᠡᠭᠦᠦ ᠨᠢᠭ᠌ᠲᠠ ᠬᠠᠮᠲᠤᠷᠠᠨ ᠠᠵᠢᠯᠯᠠᠬᠤ ᠪᠠᠷ ᠪᠣᠯᠤᠯ᠎ᠠ》 ᠭᠡᠳ ᠰᠡᠳᠬᠦᠯᠴᠢᠳ ᠦᠨ ᠠᠰᠠᠭᠤᠯᠲᠠ ᠳᠤ ᠬᠠᠷᠢᠭᠤᠯᠪᠠ᠃

-ᠮᠣᠩ᠋ᠭᠣᠯ  ᠤᠯᠤᠰ 2019 ᠣᠨ ᠳᠤ ᠦᠨᠳᠦᠰᠦᠨ ᠬᠠᠤᠯᠢ ᠳᠠᠭᠠᠨ ᠥᠭᠡᠷᠡᠴᠢᠯᠡᠯᠲᠡ ᠣᠷᠣᠭᠤᠯᠵᠤ᠂ ᠪᠠᠶᠠᠯᠢᠭ ᠤᠨ ᠰᠠᠩ ᠲᠠᠢ ᠪᠠᠢᠢᠬᠤ ᠲᠠᠯ᠎ᠠ ᠪᠠᠷ ᠰᠢᠨ᠎ᠡ ᠵᠢᠭᠠᠯᠲᠠ ᠣᠷᠣᠭᠤᠯᠤᠭᠰᠠᠨ᠃ ᠡᠨᠡ ᠤᠳᠠᠭ᠎ᠠ ᠢᠢᠨ ᠮᠣᠩ᠋ᠭᠣᠯ  ᠤᠯᠤᠰ ᠤᠨ ᠶᠡᠷᠦᠩᠬᠡᠢᠢᠯᠡᠭᠴᠢ ᠢᠢᠨ ᠠᠢᠢᠯᠴᠢᠯᠠᠯ ᠴᠤ ᠭᠡᠰᠡᠨ ᠦᠨᠳᠦᠰᠦᠨ ᠬᠠᠤᠯᠢ ᠳᠤ ᠣᠷᠣᠭᠤᠯᠤᠭᠰᠠᠨ ᠡᠨᠡᠬᠦ ᠵᠢᠭᠠᠯᠲᠠ ᠲᠠᠢ ᠰᠠᠯᠤᠰᠢ ᠦᠭᠡᠢ ᠬᠣᠯᠪᠣᠭ᠎ᠠ ᠲᠠᠢ ᠭᠡᠵᠦ ᠪᠢᠳᠡ ᠳ᠋ᠦᠩᠨᠡᠵᠦ ᠪᠠᠢᠢᠭ᠎ᠠ᠃ ᠨᠣᠷᠸᠧᠭᠢ ᠢ ᠢᠢᠨ  ᠤᠯᠤᠰ ᠨᠢ ᠳᠡᠯᠡᠬᠡᠢ ᠳᠡᠭᠡᠷᠡᠬᠢ ᠬᠠᠮᠤᠭ ᠤᠨ ᠠᠮᠵᠢᠯᠲᠠ ᠲᠠᠢ ᠪᠠᠶᠠᠯᠢᠭ ᠤᠨ ᠰᠠᠩ ᠤᠨ ᠮᠧᠨᠧᠵᠮᠧᠨ᠋ᠲ ᠬᠡᠷᠡᠭᠵᠢᠭᠦᠯᠵᠦ ᠪᠠᠢᠢᠨ᠎ᠠ᠃ ᠡᠨᠡ ᠪᠦᠬᠦᠨ ᠢ ᠡᠬᠢᠯᠡᠭᠦᠯᠬᠦ ᠳᠥ ᠤᠴᠠᠷᠠᠵᠤ ᠪᠠᠢᠢᠭᠰᠠᠨ ᠬᠠᠮᠤᠭ ᠤᠨ ᠲᠣᠮᠣ ᠪᠡᠷᠬᠡᠰᠢᠶᠡᠯ ᠨᠢ ᠶᠠᠭᠤ ᠪᠠᠢᠢᠭᠰᠠᠨ ᠪᠤᠢ᠃ ᠪᠢᠳᠡ ᠶᠠᠭᠤᠨ ᠳᠤ ᠠᠩᠬᠠᠷᠬᠤ ᠬᠡᠷᠡᠭᠲᠡᠢ ᠪᠤᠢ ᠭᠡᠳᠡᠭ ᠲᠥ ᠬᠠᠲᠤᠭᠲᠠᠢ ᠧᠷᠨᠠ ᠰᠣᠯᠪᠧᠷᠭ ᠬᠠᠷᠢᠭᠤᠯᠵᠤ ᠥᠭ᠍ᠭᠦᠨ᠎ᠡ ᠦᠦ?

-ᠬᠠᠲᠤᠭᠲᠠᠢ ᠧᠷᠨᠠ ᠰᠣᠯᠪᠧᠷᠭ᠄ ᠪᠢᠳᠡᠨ ᠳᠥ ᠲᠤᠯᠭᠠᠷᠠᠵᠤ ᠪᠠᠢᠢᠭᠰᠠᠨ ᠬᠠᠮᠤᠭ ᠤᠨ ᠲᠣᠮᠣ ᠪᠡᠷᠬᠡᠰᠢᠶᠡᠯ ᠨᠢ ᠢᠷᠭᠡᠳ ᠦᠨ ᠰᠢᠬᠠᠯᠲᠠ ᠪᠠᠢᠢᠭᠰᠠᠨ᠃ ᠤᠴᠢᠷ ᠨᠢ᠂ ᠢᠷᠭᠡᠨ ᠪᠦᠷᠢ ᠪᠠᠢᠢᠭᠠᠯᠢ ᠢᠢᠨ ᠪᠠᠶᠠᠯᠢᠭ ᠠᠴᠠ ᠪᠠᠨ ᠢᠵᠢᠯ᠂ ᠲᠡᠭᠰᠢ᠂ ᠬᠦᠷᠲᠡᠭᠡᠮᠵᠢᠲᠡᠢ ᠬᠤᠪᠢ ᠬᠦᠷᠲᠡᠬᠦ ᠢᠢ ᠬᠦᠰᠡᠵᠦ ᠪᠠᠢᠢᠭᠰᠠᠨ ᠶᠤᠮ᠃ ᠡᠨᠡ ᠪᠣᠯ ᠪᠢᠳᠡᠨ ᠦ ᠬᠠᠮᠤᠭ ᠤᠨ ᠲᠣᠮᠣ ᠳᠠᠪᠠᠵᠤ ᠭᠠᠷᠬᠤ ᠶᠣᠰᠣᠲᠠᠢ ᠪᠡᠷᠬᠡᠰᠢᠶᠡᠯ ᠦᠳ ᠦᠨ ᠨᠢᠭᠡ ᠪᠠᠢᠢᠭᠰᠠᠨ᠃ ᠪᠢᠳᠡ ᠫᠠᠷᠠᠯᠮᠧᠨ᠋ᠲ ᠢᠶᠠᠷ ᠢᠶᠠᠨ ᠪᠠᠶᠠᠯᠢᠭ ᠤᠨ ᠰᠠᠩ ᠢ ᠪᠠᠢᠢᠭᠤᠯᠬᠤ ᠳᠤ ᠪᠠᠨ ᠰᠠᠩᠬᠦᠦ ᠢᠢᠨ ᠳᠦᠷᠢᠮ ᠪᠠᠲᠤᠯᠠᠭᠰᠠᠨ᠃ ᠡᠨᠡ ᠳᠦᠷᠢᠮ ᠢᠶᠡᠷ ᠲᠤᠬᠠᠢ ᠢᠢᠨ ᠰᠠᠩ ᠠᠴᠠ ᠤᠯᠤᠰ ᠤᠨ ᠲᠥᠰᠥᠪ ᠲᠥ ᠲᠥᠪᠯᠡᠷᠡᠭᠦᠯᠬᠦ ᠬᠡᠮᠵᠢᠶ᠎ᠡ ᠢᠢ ᠲᠣᠳᠣᠷᠬᠠᠢ ᠵᠢᠭᠠᠵᠤ ᠥᠭ᠍ᠭᠦᠭ᠍ᠰᠡᠨ ᠪᠠᠢᠢᠳᠠᠭ᠃ ᠢᠩᠭᠢᠭ᠍ᠰᠡᠨ ᠢᠶᠡᠷ ᠡᠳ᠋ ᠍ ᠦᠨ ᠵᠠᠰᠠᠭ ᠲᠤ ᠨᠦᠯᠦᠭᠡᠯᠡᠬᠦ ᠨᠥᠯᠥᠭᠡ ᠪᠠᠭᠠᠰᠴᠤ᠂ ᠪᠤᠰᠤᠳ ᠰᠠᠯᠪᠤᠷᠢ ᠢᠢᠨ ᠬᠥᠭ᠍ᠵᠢᠯ ᠡᠴᠡ ᠬᠣᠢᠢᠰᠢ ᠨᠢ ᠲᠠᠲᠠᠬᠤ ᠦᠭᠡᠢ ᠪᠠᠢᠢᠬᠤ ᠳᠠᠪᠠᠭᠤ ᠲᠠᠯ᠎ᠠ ᠲᠠᠢ ᠪᠣᠯᠤᠭᠰᠠᠨ᠃

-ᠮᠣᠩ᠋ᠭᠣᠯ  ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠲᠠ ᠡᠨᠡ ᠤᠳᠠᠭ᠎ᠠ ᠢᠢᠨ ᠠᠢᠢᠯᠴᠢᠯᠠᠯ ᠠᠴᠠ ᠶᠠᠮᠠᠷ ᠬᠦᠯᠢᠶᠡᠯᠲᠡ ᠲᠡᠢ ᠪᠠᠢᠢᠭ᠎ᠠ ᠪᠤᠢ?

-ᠬᠣᠶᠠᠷ ᠤᠯᠤᠰ ᠤᠨ ᠬᠠᠮᠲᠤ ᠢᠢᠨ ᠠᠵᠢᠯᠯᠠᠭ᠎ᠠ ᠢᠢ ᠤᠯᠠᠮ ᠣᠢᠢᠷᠠᠲᠤᠭᠤᠯᠬᠤ ᠬᠦᠰᠡᠯ ᠲᠡᠢ ᠪᠠᠢᠢᠭ᠎ᠠ᠃ ᠢᠯᠠᠩ᠋ᠭᠤᠶ᠎ᠠ᠂ ᠪᠠᠶᠠᠯᠢᠭ ᠤᠨ ᠰᠠᠩ ᠢᠢᠠᠷ ᠳᠠᠮᠵᠢᠭᠤᠯᠤᠨ ᠪᠠᠶᠠᠯᠢᠭ ᠢᠷᠭᠡᠳ ᠲᠥ ᠲᠡᠭᠰᠢ᠂ ᠬᠦᠷᠲᠡᠭᠡᠮᠵᠢᠲᠡᠢ ᠣᠴᠢᠳᠠᠭ ᠪᠠᠢᠢᠬᠤ ᠠᠷᠭᠠᠴᠢᠯᠠᠯ ᠢ ᠰᠤᠳᠤᠯᠵᠤ᠂ ᠲᠤᠰ ᠤᠯᠤᠰ ᠤᠨ ᠮᠡᠷᠭᠡᠵᠢᠯᠲᠡᠨ᠂ ᠬᠠᠤᠯᠢᠴᠢᠳ ᠢ ᠮᠣᠩ᠋ᠭᠣᠯ  ᠳᠤ ᠠᠵᠢᠯᠯᠠᠭᠤᠯᠬᠤ ᠰᠠᠨᠠᠯ ᠲᠠᠯᠪᠢᠭᠰᠠᠨ᠃ ᠡᠨᠡ ᠰᠠᠨᠠᠯ ᠢ ᠶᠡᠷᠦᠩᠬᠡᠢ ᠰᠠᠢᠢᠳ᠂ ᠬᠠᠲᠤᠭᠲᠠᠢ ᠧᠷᠨᠠ ᠰᠣᠯᠪᠧᠷᠭ ᠬᠦᠯᠢᠶᠡᠨ ᠠᠪᠤᠯ᠎ᠠ᠃ ᠡᠨᠡ ᠪᠣᠯ ᠠᠢᠢᠯᠴᠢᠯᠠᠯ ᠤᠨ ᠬᠦᠯᠢᠶᠡᠵᠦ ᠪᠤᠢ ᠦᠷ᠎ᠡ ᠳ᠋ᠦᠩ ᠶᠤᠮ》 ᠭᠡᠯ᠎ᠡ᠃