ᠨᠣᠷᠸᠧᠭᠢ ᠢᠢᠨ ᠬᠠᠭᠠᠨᠲᠤ ᠤᠯᠤᠰ ᠲᠤ ᠠᠢᠢᠯᠴᠢᠯᠠᠵᠤ ᠪᠤᠢ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠥᠨᠥᠳᠥᠷ /2020.01.27/ ᠲᠤᠰ ᠤᠯᠤᠰ ᠤᠨ ᠭᠠᠳᠠᠭᠠᠳᠤ ᠬᠡᠷᠡᠭ ᠦᠨ ᠶᠠᠮᠤ᠂ ᠰᠠᠩ ᠤᠨ ᠶᠠᠮᠤ᠂ ᠲᠥᠪ ᠪᠠᠩᠬᠢ᠂ ᠲᠥᠷᠦ ᠢᠢᠨ ᠲᠡᠳᠬᠦᠪᠦᠷᠢ ᠢᠢᠨ ᠰᠠᠩ ᠪᠤᠶᠤ ᠪᠠᠶᠠᠯᠢᠭ ᠤᠨ ᠰᠠᠩ ᠤᠨ ᠤᠳᠤᠷᠢᠳᠤᠯᠭ᠎ᠠ ᠨᠤᠭᠤᠳ ᠲᠠᠢ ᠠᠭᠤᠯᠵᠠᠵᠤ᠂ ᠴᠢᠯᠦᠭᠡᠲᠦ ᠶᠠᠷᠢᠯᠴᠠᠯᠭ᠎ᠠ ᠥᠷᠨᠢᠭᠦᠯᠦᠯ᠎ᠡ᠃
ᠠᠭᠤᠯᠵᠠᠯᠲᠠ ᠢᠢᠨ ᠡᠬᠢᠨ ᠳᠥ᠂ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ 《ᠮᠣᠩ᠋ᠭᠣᠯ ᠤᠯᠤᠰ 2012 ᠣᠨ ᠠᠴᠠ ᠬᠣᠢᠢᠰᠢ ᠡᠨᠡ ᠰᠠᠩ ᠤᠨ ᠦᠢᠯᠡ ᠠᠵᠢᠯᠯᠠᠭ᠎ᠠ᠂ ᠮᠧᠨᠧᠵᠮᠧᠨ᠋ᠲ ᠢ ᠲᠥᠷᠥ ᠢᠢᠨ ᠳᠡᠭᠡᠳᠦ ᠲᠦᠪᠰᠢᠨ ᠳᠥ ᠰᠣᠨᠢᠷᠬᠠᠵᠤ᠂ ᠬᠠᠮᠲᠤᠷᠠᠨ ᠠᠵᠢᠯᠯᠠᠬᠤ ᠰᠣᠨᠢᠷᠬᠠᠯ ᠲᠠᠢ ᠪᠠᠢᠢᠭ᠎ᠠ᠃ ᠥᠩᠭᠡᠷᠡᠭᠰᠡᠨ ᠬᠤᠭᠤᠴᠠᠭᠠᠨ ᠳᠤ ᠪᠢᠳᠡ ᠦᠷᠭᠦᠯᠵᠢ ᠪᠠᠶᠠᠯᠢᠭ ᠤᠨ ᠰᠠᠩ ᠤᠨ ᠰᠠᠢᠢᠨ ᠲᠠᠯ᠎ᠠ ᠢᠢ ᠨᠢ ᠰᠣᠨᠢᠷᠬᠠᠵᠤ ᠪᠠᠢᠢᠭᠰᠠᠨ ᠪᠣᠯ ᠡᠨᠡ ᠤᠳᠠᠭ᠎ᠠ ᠳᠤ ᠰᠥᠷᠭᠦ ᠪᠣᠯᠤᠨ ᠤᠴᠠᠷᠠᠵᠤ ᠪᠣᠯᠬᠤ ᠡᠷᠦᠰᠳᠡᠯ ᠳᠥ ᠪᠡᠯᠡᠨ ᠪᠠᠢᠢᠬᠤ ᠳᠤ ᠲᠦᠯᠬᠢᠭᠦᠦ ᠠᠩᠬᠠᠷᠴᠤ ᠪᠠᠶᠠᠯᠢᠭ ᠤᠨ ᠰᠠᠩ ᠲᠠᠢ ᠪᠣᠯᠬᠣ ᠪᠠᠷ ᠡᠷᠡᠮᠡᠯᠵᠡᠵᠦ ᠪᠠᠢᠢᠭ᠎ᠠ》 ᠭᠡᠳᠡᠭ ᠢᠶᠡᠨ ᠢᠯᠡᠷᠬᠡᠢᠢᠯᠡᠭᠰᠡᠨ ᠶᠤᠮ᠃
ᠠᠭᠤᠯᠵᠠᠯᠲᠠ ᠪᠠᠷ᠂ ᠪᠠᠶᠠᠯᠢᠭ ᠤᠨ ᠰᠠᠩ ᠢ ᠡᠭᠦᠰᠬᠡᠨ ᠪᠠᠢᠢᠭᠤᠯᠤᠭᠰᠠᠨ ᠲᠡᠦᠬᠡ᠂ ᠰᠠᠩ ᠤᠨ ᠬᠥᠷᠦᠩᠭᠡ ᠣᠷᠣᠭᠤᠯᠤᠯᠲᠠ ᠢᠢᠨ ᠰᠲ᠋ᠷᠠᠲ᠋ᠧᠭᠢ ᠪᠠ ᠮᠧᠨᠧᠵᠮᠧᠨ᠋ᠲ᠂ ᠶᠣᠰᠣ ᠵᠦᠢ ᠢᠢᠨ ᠵᠥᠪᠯᠡᠯ ᠦᠨ ᠦᠢᠯᠡ ᠠᠵᠢᠯᠯᠠᠭ᠎ᠠ᠂ ᠨᠣᠷᠸᠧᠭᠢ ᠢᠢᠨ ᠡᠳ᠋ ᠍ ᠦᠨ ᠵᠠᠰᠠᠭ ᠲᠤ ᠨᠧᠹᠲ᠂ ᠪᠠᠢᠢᠭᠠᠯᠢ ᠢᠢᠨ ᠬᠡᠢ ᠢᠢᠨ ᠰᠠᠯᠪᠤᠷᠢ ᠢᠢᠨ ᠣᠷᠣᠯᠭ᠎ᠠ ᠢᠢᠨ ᠣᠷᠣᠭᠤᠯᠵᠤ ᠪᠤᠢ ᠬᠤᠪᠢ ᠨᠡᠮᠡᠷᠢ ᠵᠡᠷᠭᠡ ᠠᠰᠠᠭᠤᠳᠠᠯ ᠢᠶᠠᠷ ᠭᠣᠣᠯᠴᠢᠯᠠᠨ ᠶᠠᠷᠢᠯᠴᠠᠯ᠎ᠠ᠃ ᠲᠡᠭᠦᠨᠴᠢᠯᠡᠨ ᠨᠣᠷᠸᠧᠭᠢ ᠢᠢᠨ ᠰᠠᠩ ᠤᠨ ᠶᠠᠮᠤ ᠨᠢ ᠪᠠᠶᠠᠯᠢᠭ ᠤᠨ ᠰᠠᠩ ᠤᠨ ᠮᠧᠨᠧᠵᠮᠧᠨ᠋ᠲ ᠢ ᠬᠠᠷᠢᠭᠤᠴᠠᠨ ᠠᠵᠢᠯᠯᠠᠳᠠᠭ ᠪᠥᠭᠡᠳ ᠲᠤᠰ ᠶᠠᠮᠤᠨ ᠤ ᠠᠯᠪᠠᠨ ᠲᠤᠰᠢᠶᠠᠯᠲᠠᠨ ᠨᠤᠭᠤᠳ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠪᠣᠯᠤᠨ ᠲᠡᠭᠦᠨ ᠢ ᠳᠠᠭᠠᠯᠳᠤᠨ ᠶᠠᠪᠤᠭ᠎ᠠ ᠲᠥᠯᠥᠭᠡᠯᠡᠭᠴᠢᠳ ᠦᠨ ᠰᠣᠨᠢᠷᠬᠠᠭᠰᠠᠨ ᠠᠰᠠᠭᠤᠯᠲᠠ ᠨᠤᠭᠤᠳ ᠲᠤ ᠬᠠᠷᠢᠭᠤᠯᠵᠤ᠂ ᠰᠠᠨᠠᠯ ᠰᠣᠯᠢᠯᠴᠠᠯ᠎ᠠ᠃
ᠨᠣᠷᠸᠧᠭᠢ ᠤᠯᠤᠰ ᠨᠢ 1969 ᠣᠨ ᠳᠤ ᠮᠣᠩ᠋ᠭᠣᠯ ᠤᠯᠤᠰ ᠤᠨ ᠠᠳᠠᠯᠢ ᠥᠪᠡᠷᠰᠡᠳ ᠢᠶᠡᠨ ᠬᠠᠢᠢᠭᠤᠯ ᠬᠢᠵᠦ ᠲᠣᠮᠣᠬᠠᠨ ᠣᠷᠳᠣ ᠭᠠᠵᠠᠷ ᠤᠳ ᠢ /ᠭᠠᠵᠠᠷ ᠤᠨ ᠲᠣᠰᠤᠨ ᠤ/ ᠢᠯᠡᠷᠡᠭᠦᠯᠦᠭᠰᠡᠨ ᠪᠥᠭᠡᠳ 1983 ᠣᠨ ᠳᠤ ᠪᠠᠶᠠᠯᠢᠭ ᠤᠨ ᠰᠠᠩ ᠪᠠᠢᠢᠭᠤᠯᠬᠤ ᠰᠠᠨᠠᠭ᠎ᠠ ᠭᠠᠷᠭᠠᠵᠤ᠂ 1990 ᠣᠨ ᠳᠤ ᠬᠡᠷᠡᠭᠵᠢᠭᠦᠯᠵᠦ ᠡᠬᠢᠯᠡᠭᠰᠡᠨ ᠪᠠᠢᠢᠨ᠎ᠠ᠃ ᠤᠯᠠᠮ ᠢᠶᠠᠷ 2007 ᠣᠨ ᠳᠤ ᠧᠦ᠋ᠷᠣᠫᠠ ᠢᠢᠨ ᠬᠠᠮᠤᠭ ᠤᠨ ᠥᠨᠳᠥᠷ ᠦᠨᠡᠯᠡᠭᠡ ᠲᠡᠢ ᠦᠨᠳᠦᠰᠦᠨ ᠦ ᠪᠠᠶᠠᠯᠢᠭ ᠤᠨ ᠰᠠᠩ ᠪᠣᠯᠵᠤ᠂ 2019 ᠣᠨ ᠳᠤ ᠰᠠᠩ ᠤᠨ ᠣᠷᠣᠯᠭ᠎ᠠ ᠠᠩᠬ᠎ᠠ ᠤᠳᠤᠭ᠎ᠠ ᠪᠠᠨ ᠶᠡᠬᠡ ᠨᠠᠶᠤᠳ ᠠᠮ.ᠳ᠋ᠣᠯᠯᠠᠷ ᠳᠠᠪᠠᠭᠰᠠᠨ ᠠᠮᠵᠢᠯᠲᠠ ᠲᠣᠭᠲᠠᠭᠠᠭᠰᠠᠨ ᠶᠤᠮ᠃