Та "Internet explorer"-ийн сүүлийн хувилбар болох "Microsoft edge"-г ашиглана уу

Хэрэв "Microsoft edge"-г татах бол энд дарж татаж авна уу

ᠺᠣᠷᠤᠨᠠᠸᠢᠷᠦ᠋ᠰ ᠦᠨ ᠬᠠᠯᠳᠠᠪᠤᠷᠢᠲᠤ ᠲᠠᠷᠬᠠᠯᠲᠠ ᠲᠠᠢ ᠬᠣᠯᠪᠣᠭᠳᠠᠭᠤᠯᠤᠨ ᠮᠣᠩ᠋ᠭᠣᠯ ᠤᠯᠤᠰ-ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ ᠤᠨ ᠬᠢᠯᠢ ᠪᠡᠷ ᠨᠡᠪᠲᠡᠷᠡᠬᠦ ᠵᠣᠷᠴᠢᠭᠴᠢ ᠢᠢᠨ ᠬᠥᠳᠡᠯᠭᠡᠭᠡᠨ ᠢ ᠬᠢᠵᠠᠭᠠᠷᠯᠠᠪᠠ

ᠮᠣᠩ᠋ᠭᠣᠯ  ᠤᠯᠤᠰ ᠤᠨ ᠦᠨᠳᠦᠰᠦᠨ ᠦ ᠠᠶᠤᠯ ᠦᠭᠡᠢ ᠪᠠᠢᠢᠳᠠᠯ ᠤᠨ ᠵᠥᠪᠯᠡᠯ 2020 ᠣᠨ ᠤ ᠨᠢᠭᠡᠳᠦᠭᠡᠷ ᠰᠠᠷ᠎ᠠ ᠢᠢᠨ 30 ᠍ ᠤ ᠡᠳᠦᠷ ᠬᠤᠷᠠᠯᠳᠤᠵᠤ᠂ 01/01 ᠳ᠋ᠤᠭᠠᠷ ᠲᠠᠢ 《ᠬᠢᠯᠢ ᠢᠢᠨ ᠪᠣᠭᠣᠮᠲᠠ ᠢᠢ ᠲᠦᠷᠢ ᠬᠠᠭᠠᠬᠤ ᠲᠤᠬᠠᠢ》 ᠵᠥᠪᠯᠡᠮᠵᠢ ᠭᠠᠷᠭᠠᠭᠰᠠᠨ᠃

ᠬᠤᠷᠠᠯᠳᠤᠭᠠᠨ ᠢᠶᠠᠷ ᠳᠡᠯᠡᠬᠡᠢ ᠢᠢᠨ ᠡᠷᠡᠭᠦᠯ ᠮᠡᠨᠳᠦ ᠢᠢᠨ ᠪᠠᠢᠢᠭᠤᠯᠤᠯᠭ᠎ᠠ ᠢᠢᠨ ᠣᠨᠴᠤᠭᠤᠢ ᠪᠠᠢᠢᠳᠠᠯ ᠤᠨ ᠬᠣᠷᠢᠶᠠᠨ ᠠᠴᠠ ᠰᠢᠨ᠎ᠡ ᠺᠣᠷᠤᠨᠠᠸᠢᠷᠦ᠋ᠰ  (2019-nCov) ᠍ ᠦᠨ ᠬᠠᠯᠳᠠᠪᠤᠷᠢ ᠢᠢᠨ ᠲᠠᠷᠬᠠᠯᠲᠠ ᠢᠢᠨ ᠠᠰᠠᠭᠤᠳᠠᠯ ᠢᠶᠠᠷ ᠣᠯᠠᠨ ᠤᠯᠤᠰ ᠤᠨ ᠬᠡᠮᠵᠢᠶᠡᠨ ᠦ ᠣᠨᠴᠠ ᠪᠠᠢᠢᠳᠠᠯ ᠵᠠᠷᠯᠠᠬᠤ ᠲᠤᠬᠠᠢ ᠵᠥᠪᠯᠡᠮᠵᠢ ᠭᠠᠷᠤᠭᠰᠠᠨ᠂ ᠪᠦᠭᠦᠳᠡ ᠨᠠᠷᠠᠮᠳᠠᠬᠤ ᠬᠢᠲᠠᠳ ᠠᠷᠠᠳ ᠤᠯᠤᠰ ᠤᠨ ᠬᠥᠷᠰᠢ ᠣᠷᠣᠨ ᠨᠤᠭᠤᠳ ᠬᠢᠯᠢ ᠪᠡᠨ ᠬᠠᠭᠠᠵᠤ ᠪᠠᠢᠢᠭ᠎ᠠ ᠨᠥᠬᠥᠴᠡᠯ ᠪᠠᠢᠢᠳᠠᠯ ᠲᠠᠢ ᠬᠣᠯᠪᠣᠭᠳᠠᠭᠤᠯᠤᠨ ᠤᠯᠤᠰ ᠤᠨ ᠣᠨᠴᠤᠭᠤᠢ  ᠺᠣᠮᠢᠰ ᠤᠨ ᠳᠠᠷᠤᠭ᠎ᠠ ᠢᠢᠨ ᠣᠷᠣᠯᠠᠭᠴᠢ᠂ ᠪᠠᠲᠤᠯᠠᠨ ᠬᠠᠮᠠᠭᠠᠯᠠᠬᠤ ᠢᠢᠨ ᠰᠠᠢᠢᠳ ᠨ ∙ ᠡᠩᠬᠡᠪᠣᠯᠤᠳ ᠤᠨ ᠢᠯᠡᠳᠬᠡᠯ᠂ ᠦᠨᠳᠦᠰᠦᠨ ᠦ ᠠᠶᠤᠯ ᠦᠭᠡᠢ ᠪᠠᠢᠢᠳᠠᠯ ᠤᠨ ᠵᠥᠪᠯᠡᠯ ᠦᠨ ᠠᠵᠢᠯ ᠤᠨ ᠠᠯᠪᠠᠨ ᠤ ᠢᠯᠡᠳᠬᠡᠯ᠂ ᠡᠷᠡᠭᠦᠯ ᠮᠡᠨᠳᠦ ᠢᠢᠨ ᠳᠡᠳ᠋ ᠰᠠᠢᠢᠳ ᠯ ∙ ᠪᠢᠮᠪᠠᠰᠦ᠋ᠷᠦᠩ ᠦᠨ ᠮᠡᠳᠡᠭᠡᠯᠡᠯ ᠢ ᠬᠡᠯᠡᠯᠴᠡᠭᠡᠳ ᠵᠠᠰᠠᠭ ᠤᠨ ᠭᠠᠵᠠᠷ ᠲᠤ ᠮᠣᠩ᠋ᠭᠣᠯ  ᠤᠯᠤᠰ᠂ ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ ᠤᠨ ᠬᠢᠯᠢ ᠪᠡᠷ ᠨᠡᠪᠲᠡᠷᠡᠬᠦ ᠵᠣᠷᠴᠢᠭᠴᠢ ᠢᠢᠨ ᠬᠥᠳᠡᠯᠭᠡᠭᠡᠨ ᠢ ᠵᠣᠭᠰᠣᠭᠠᠵᠤ᠂ ᠬᠢᠯᠢ ᠢᠢᠨ ᠪᠣᠭᠣᠮᠲᠠ ᠢᠢ ᠲᠦᠷᠢ ᠬᠠᠭᠠᠬᠤ ᠰᠢᠢᠳᠪᠦᠷᠢ ᠭᠠᠷᠭᠠᠬᠤ ᠵᠥᠪᠯᠡᠮᠵᠢ ᠬᠦᠷᠭᠡᠭᠦᠯᠦᠭᠰᠡᠨ ᠪᠣᠯᠤᠨ᠎ᠠ᠃

ᠦᠨᠳᠦᠰᠦᠨ ᠦ ᠠᠶᠤᠯ ᠦᠭᠡᠢ ᠪᠠᠢᠢᠳᠠᠯ ᠤᠨ ᠵᠥᠪᠯᠡᠯ ᠡᠴᠡ ᠵᠥᠪᠯᠡᠮᠵᠢ ᠭᠠᠷᠤᠭᠰᠠᠨ ᠲᠠᠢ ᠬᠣᠯᠪᠣᠭᠳᠠᠭᠤᠯᠤᠨ ᠥᠨᠥᠳᠥᠷ ᠵᠠᠰᠠᠭ ᠤᠨ ᠭᠠᠵᠠᠷ ᠤᠨ ᠡᠭᠡᠯᠵᠢᠲᠦ ᠪᠤᠰᠤ ᠬᠤᠷᠠᠯᠳᠤᠭᠠᠨ ᠢᠶᠠᠷ ᠳᠠᠷᠠᠭᠠᠬᠢ ᠰᠢᠢᠳᠪᠦᠷᠢ ᠭᠠᠷᠤᠭᠰᠠᠨ ᠪᠣᠯᠤᠨ᠎ᠠ᠃

ᠡᠭᠦᠨ ᠳᠥ᠄

  1. 2020 ᠣᠨ ᠤ 02 ᠳ᠋ᠤᠭᠠᠷ ᠰᠠᠷ᠎ᠠ ᠢᠢᠨ 01 ᠍ ᠦ ᠡᠳᠦᠷ ᠡᠴᠡ 2020 ᠣᠨ ᠤ 03 ᠳ᠋ᠤᠭᠠᠷ ᠰᠠᠷ᠎ᠠ ᠢᠢᠨ 02 ᠍ ᠤ ᠡᠳᠦᠷ ᠢ ᠬᠦᠷᠲᠡᠯ᠎ᠡ ᠬᠤᠭᠤᠴᠠᠭᠠᠨ ᠳᠤ ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ ᠲᠠᠢ ᠬᠢᠯᠢᠯᠡᠳᠡᠭ ᠠᠭᠠᠷ᠂ ᠲᠡᠮᠦᠷ ᠵᠠᠮ᠂ ᠠᠦ᠋ᠲ᠋ᠣᠵᠠᠮ ᠤᠨ ᠪᠦᠬᠦ ᠪᠣᠭᠣᠮᠲᠠ ᠪᠠᠷ ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ ᠤᠨ ᠢᠷᠭᠡᠳ ᠪᠣᠯᠤᠨ ᠲᠤᠰ ᠤᠯᠤᠰ ᠤᠨ ᠨᠤᠲᠤᠭ ᠳᠡᠪᠢᠰᠬᠡᠷ ᠢᠶᠡᠷ ᠳᠠᠮᠵᠢᠵᠤ ᠢᠷᠡᠬᠦ ᠪᠤᠰᠤᠳ ᠤᠯᠤᠰ ᠤᠨ ᠢᠷᠭᠡᠳ ᠢ ᠬᠢᠯᠢ ᠪᠡᠷ ᠨᠡᠪᠲᠡᠷᠡᠭᠦᠯᠬᠦ ᠢᠢ ᠬᠤᠷᠢᠭᠯᠠᠪᠠ᠃
  2. 2020 ᠣᠨ ᠤ 02 ᠳ᠋ᠤᠭᠠᠷ ᠰᠠᠷ᠎ᠠ ᠢᠢᠨ 01 ᠍ ᠦ ᠡᠳᠦᠷ ᠡᠴᠡ 2020 ᠣᠨ ᠤ 03 ᠳ᠋ᠤᠭᠠᠷ ᠰᠠᠷ᠎ᠠ ᠢᠢᠨ 02 ᠍ ᠤ ᠡᠳᠦᠷ ᠢ ᠬᠦᠷᠲᠡᠯ᠎ᠡ ᠬᠤᠭᠤᠴᠠᠭᠠᠨ ᠳᠤ ᠮᠣᠩ᠋ᠭᠣᠯ  ᠤᠯᠤᠰ ᠤᠨ ᠢᠷᠭᠡᠳ ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ ᠲᠤ ᠵᠣᠷᠴᠢᠬᠤ ᠢᠢ ᠬᠣᠷᠢᠭᠯᠠᠪᠠ᠃ /ᠠᠵᠢᠯ ᠤᠨ ᠵᠠᠢᠢᠯᠠᠰᠢ ᠦᠭᠡᠢ ᠱᠠᠭᠠᠷᠳᠠᠯᠭ᠎ᠠ ᠪᠠᠷ ᠶᠠᠪᠤᠬᠤ ᠪᠣᠯ ᠤᠯᠤᠰ ᠤᠨ ᠣᠨᠴᠤᠭᠤᠢ  ᠺᠣᠮᠢᠰ ᠤᠨ ᠳᠠᠷᠤᠭ᠎ᠠ ᠢᠢᠨ ᠵᠥᠷᠢᠰᠢᠶᠡᠷᠡᠯ ᠢ ᠦᠨᠳᠦᠰᠦᠯᠡᠨ ᠬᠢᠯᠢ ᠪᠡᠷ ᠭᠠᠷᠭᠠᠨ᠎ᠠ᠃/
  3. ᠪᠦᠭᠦᠳᠡ ᠨᠠᠢᠢᠷᠠᠮᠳᠠᠬᠤ ᠬᠢᠲᠠᠳ ᠠᠷᠠᠳ ᠤᠯᠤᠰ ᠠᠴᠠ ᠢᠷᠡᠬᠦ᠂ ᠮᠥᠨ ᠲᠤᠰ ᠤᠯᠤᠰ ᠢᠶᠠᠷ ᠳᠠᠮᠵᠢᠨ ᠢᠷᠡᠵᠦ ᠪᠠᠢᠢᠭ᠎ᠠ ᠮᠣᠩ᠋ᠭᠣᠯ  ᠤᠯᠤᠰ ᠤᠨ ᠢᠷᠭᠡᠳ ᠢ 2020 ᠣᠨ ᠤ 02 ᠳ᠋ᠤᠭᠠᠷ ᠰᠠᠷ᠎ᠠ ᠢᠢᠨ 06 ᠍ ᠤ ᠡᠳᠦᠷ ᠢ ᠬᠦᠷᠲᠡᠯ᠎ᠡ ᠪᠦᠬᠦ ᠪᠣᠭᠣᠮᠲᠠ ᠪᠠᠷ ᠨᠡᠪᠲᠡᠷᠡᠭᠦᠯᠦᠨ᠎ᠡ᠃ ᠡᠨᠡ ᠡᠳᠦᠷ ᠡᠴᠡ ᠬᠣᠢᠢᠰᠢ 2020 ᠣᠨ ᠤ 03 ᠳ᠋ᠤᠭᠠᠷ ᠰᠠᠷ᠎ᠠ ᠢᠢᠨ 02 ᠍ ᠤ ᠡᠳᠦᠷ ᠢ ᠬᠦᠷᠲᠡᠯ᠎ᠡ ᠵᠥᠪᠬᠡᠨ ᠪᠤᠶᠠᠨᠲᠤ-ᠬᠤᠸᠠ ᠪᠣᠯᠤᠨ ᠵᠠᠮ ᠤᠨ-ᠡᠭᠦᠳᠡ ᠪᠣᠭᠣᠮᠲᠠ ᠪᠠᠷ ᠣᠷᠣᠭᠤᠯᠤᠨ᠎ᠠ᠃
  4. ᠬᠢᠯᠢ ᠢᠢᠨ ᠳᠠᠶᠠᠩ-ᠬᠤᠨᠢᠱᠠᠨ᠋ᠽᠤᠢ᠂ ᠪᠠᠢᠢᠲᠤᠭ-ᠤᠯᠢᠶᠠᠰᠤᠲᠠᠢ᠂ ᠪᠤᠷᠭᠠᠰᠤᠲᠠᠢ-ᠯᠠᠣᠶᠢᠮᠶᠠᠣ᠋᠂ ᠰᠦᠮᠪᠦᠷ-ᠷᠠᠰᠢᠶᠠᠨ᠂ ᠬᠠᠪᠢᠷᠭ᠎ᠠ-ᠠᠷᠤᠬᠠᠰᠢᠶᠠᠳᠤ ᠠᠦ᠋ᠲ᠋ᠣᠵᠠᠮ ᠤᠨ ᠪᠣᠭᠣᠮᠲᠠ ᠨᠤᠭᠤᠳ ᠢ ᠲᠦᠷᠢ ᠬᠠᠭᠠᠪᠠ᠃
  5. ᠪᠤᠯᠠᠭᠠᠨ-ᠲᠠᠺᠠᠰᠢᠭᠡ᠂ ᠰᠢᠪᠡᠭᠡᠬᠦᠷᠡᠩ-ᠰᠡᠬᠡᠭᠡ᠂ ᠭᠠᠰᠢᠭᠤᠨᠰᠤᠬᠠᠢᠢᠳᠤ-ᠭᠠᠭᠴᠠᠮᠣᠳᠤ᠂ ᠬᠠᠩᠭᠢ-ᠮᠠᠨᠳᠤᠯ᠂ ᠵᠠᠮ ᠤᠨ-ᠡᠭᠦᠳᠡ-ᠡᠷᠢᠶᠡᠨ᠂ ᠪᠢᠴᠢᠭᠲᠦ-ᠵᠡᠭᠦᠨᠬᠠᠲᠤᠪᠠᠴᠤ᠂ ᠪᠠᠶᠠᠨᠬᠣᠰᠢᠭᠤ-ᠡᠪᠦᠳᠦᠭ ᠪᠣᠭᠣᠮᠲᠠ ᠪᠠᠷ ᠬᠢᠯᠢ ᠨᠡᠪᠲᠡᠷᠡᠵᠦ ᠪᠠᠢᠢᠭ᠎ᠠ ᠠᠴᠢᠶ᠎ᠠ ᠲᠡᠭᠡᠭᠡᠪᠦᠷᠢ ᠢᠢᠨ ᠬᠡᠷᠡᠭᠰᠡᠯ᠂ ᠵᠢᠯᠣᠭᠣᠴᠢ ᠨᠠᠷ ᠲᠤ ᠡᠨᠡ ᠳᠢᠭᠯᠢᠮ ᠬᠠᠮᠢᠶᠠᠷᠬᠤ ᠦᠭᠡᠢ᠃
  6. ᠵᠠᠮ ᠤᠨ-ᠡᠭᠦᠳᠡ-ᠡᠷᠢᠶᠡᠨ ᠴᠢᠭᠯᠡᠯ ᠳᠥ ᠠᠴᠢᠶ᠎ᠠ ᠲᠡᠭᠡᠭᠡᠪᠦᠷᠢ ᠢᠢᠨ ᠭᠠᠯᠲᠤ ᠲᠡᠷᠭᠡ ᠬᠤᠪᠢᠶᠠᠷᠢ ᠢᠢᠨ ᠳᠠᠭᠠᠭᠤ ᠵᠣᠷᠴᠢᠬᠤ ᠪᠥᠭᠡᠳ ᠵᠢᠳᠬᠦᠭᠦᠷ ᠦᠨ ᠪᠡᠶ᠎ᠡ ᠪᠦᠷᠢᠯᠳᠦᠬᠦᠨ᠂ ᠠᠭᠠᠷ ᠤᠨ ᠬᠥᠯᠭᠡ ᠢᠢᠨ ᠪᠠᠭ ᠤᠨ ᠭᠡᠰᠢᠭᠦᠳ ᠲᠥ ᠬᠣᠷᠢᠭ᠎ᠠ ᠴᠡᠭᠡᠷ ᠮᠥᠨ ᠬᠠᠮᠢᠶᠠᠷᠬᠤ ᠦᠭᠡᠢ ᠶᠤᠮ᠃ ᠬᠣᠷᠢᠭ᠎ᠠ ᠴᠡᠭᠡᠷ ᠦᠨ ᠬᠤᠭᠤᠴᠠᠭᠠᠨ ᠳᠤ ᠪᠠᠷᠠᠭ᠎ᠠ ᠲᠠᠸᠠᠷ ᠤᠨ ᠢᠮᠫᠣᠷᠲ᠂ ᠡᠺᠰᠫᠣᠷᠲ ᠢ ᠬᠢᠵᠠᠭᠠᠷᠯᠠᠬᠤ ᠦᠭᠡᠢ᠃

ᠵᠠᠰᠠᠭ ᠤᠨ ᠭᠠᠵᠠᠷ ᠤᠨ ᠳᠡᠭᠡᠷᠡᠬᠢ ᠰᠢᠢᠳᠪᠦᠷᠢ ᠭᠠᠷᠤᠭᠰᠠᠨ ᠲᠠᠢ ᠬᠣᠯᠪᠣᠭᠳᠠᠭᠤᠯᠤᠨ ᠮᠣᠩ᠋ᠭᠣᠯ  ᠤᠯᠤᠰ-ᠣᠷᠣᠰ ᠤᠨ ᠬᠣᠯᠪᠣᠭᠠᠨ ᠤ ᠤᠯᠤᠰ ᠢᠢᠨ ᠬᠣᠭᠣᠷᠣᠨᠳᠣ ᠵᠣᠷᠴᠢᠬᠤ ᠪᠦᠬᠦ ᠲᠥᠷᠦᠯ ᠦᠨ ᠬᠥᠳᠡᠯᠭᠡᠭᠡᠨ ᠬᠢᠵᠠᠭᠠᠷᠯᠠᠭᠳᠠᠬᠤ ᠦᠭᠡᠢ᠂ ᠬᠡᠪ ᠦᠨ ᠦᠷᠭᠦᠯᠵᠢᠯᠡᠨ᠎ᠡ᠃