Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠰᠠᠷ᠎ᠠ ᠰᠢᠨ᠎ᠡ ᠢᠢᠨ ᠪᠠᠶᠠᠷ ᠤᠨ ᠮᠡᠨᠳᠦᠴᠢᠯᠡᠭᠡ ᠳᠡᠪᠰᠢᠭᠦᠯᠦᠯ᠎ᠡ

ᠠᠷᠪᠠᠨ ᠳᠣᠯᠣᠳᠤᠭᠠᠷ ᠵᠢᠷᠠᠨ ᠤ 《ᠬᠣᠲᠠᠯᠠ ᠲᠡᠭᠦᠰ》 ᠬᠡᠮᠡᠬᠦ ᠴᠠᠭᠠᠨ ᠬᠤᠯᠤᠭᠠᠨ᠎ᠠ ᠵᠢᠯ ᠦᠨ ᠰᠠᠷ᠎ᠠ ᠰᠢᠨ᠎ᠡ ᠢᠢᠨ ᠪᠠᠶᠠᠷ ᠢ ᠲᠣᠬᠢᠶᠠᠯᠳᠤᠭᠤᠯᠤᠨ ᠮᠣᠩ᠋ᠭᠣᠯ  ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠠᠷᠠᠳ ᠲᠦᠮᠡᠨ ᠳᠥ ᠪᠡᠨ ᠬᠠᠨᠳᠤᠨ ᠮᠡᠨᠳᠦᠴᠢᠯᠡᠭᠡ ᠳᠡᠪᠰᠢᠭᠦᠯᠦᠯ᠎ᠡ᠃

ᠮᠣᠩ᠋ᠭᠣᠯ  ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ᠄

《ᠠᠮᠤᠷᠬᠠᠨ ᠰᠠᠢᠢᠨ ᠪᠠᠢᠢᠵᠠᠭᠠᠨ᠎ᠠ ᠤᠤ᠂ ᠮᠣᠩ᠋ᠭᠣᠯᠴᠤᠳ ᠠ᠋᠂

ᠠᠬᠠᠮᠠᠳ ᠨᠠᠰᠤᠲᠠᠨ ᠪᠤᠭᠤᠷᠤᠯ ᠤᠳ ᠮᠢᠨᠢ ᠲᠠᠪᠠᠲᠠᠢ ᠰᠠᠢᠢᠬᠠᠨ ᠬᠠᠪᠤᠷᠵᠢᠵᠤ ᠪᠠᠢᠢᠨ᠎ᠠ ᠤᠤ?

ᠮᠣᠩ᠋ᠭᠣᠯ  ᠰᠠᠢᠢᠬᠠᠨ ᠤᠯᠠᠮᠵᠢᠯᠠᠯ ᠢᠶᠠᠷ ᠢᠶᠠᠨ ᠲᠠ ᠪᠦᠬᠦᠨ ᠦ ᠠᠮᠤᠷ ᠠᠮᠤᠭᠤᠯᠠᠩ ᠢ ᠠᠢᠢᠯᠠᠳᠬᠠᠵᠤ 《ᠬᠣᠲᠠᠯᠠ ᠲᠡᠭᠦᠰ》 ᠬᠡᠮᠡᠬᠦ ᠴᠠᠭᠠᠨ ᠬᠤᠯᠤᠭᠠᠨ᠎ᠠ ᠵᠢᠯ ᠦᠨ ᠰᠠᠷ᠎ᠠ ᠰᠢᠨ᠎ᠡ ᠢᠢᠨ ᠪᠠᠶᠠᠷ ᠤᠨ ᠮᠡᠨᠳᠦ ᠳᠡᠪᠰᠢᠭᠦᠯᠦᠶ᠎ᠡ!

《ᠡᠪᠡᠳᠴᠢᠨ ᠦᠭᠡᠢ ᠪᠣᠯ ᠵᠢᠷᠭᠠᠯ》 ᠬᠡᠮᠡᠬᠦ ᠡᠪᠦᠭᠡᠳ ᠦᠨ ᠰᠠᠢᠢᠬᠠᠨ ᠰᠤᠷᠭᠠᠯ ᠪᠠᠢᠢᠳᠠᠭ᠃

ᠡᠷᠬᠢᠮ ᠳᠡᠭᠡᠳᠦ ᠪᠠᠶᠠᠯᠢᠭ ᠪᠣᠯᠬᠤ ᠡᠷᠡᠭᠦᠯ ᠮᠡᠨᠳᠦ ᠪᠡᠨ ᠬᠠᠢᠢᠷᠠᠯᠠᠨ ᠬᠠᠮᠠᠭᠠᠯᠠᠵᠤ᠂ ᠠᠵᠠᠢ ᠪᠤᠭᠤᠷᠤᠯ ᠤᠳ᠂ ᠠᠯᠳᠠᠷᠠᠢ ᠦᠷᠡᠰ ᠢᠶᠡᠨ ᠠᠶᠤᠯᠲᠤ ᠡᠪᠡᠳᠴᠢᠨ ᠡᠴᠡ ᠰᠡᠷᠭᠡᠢᠢᠯᠡᠬᠦ ᠢᠢᠨ ᠲᠤᠯᠠᠳᠠ ᠡᠨᠡ ᠴᠠᠭᠠᠨ ᠰᠠᠷ᠎ᠠ ᠪᠠᠷ ᠪᠡᠶᠡᠴᠢᠯᠡᠨ ᠵᠣᠯᠭᠠᠬᠤ ᠦᠭᠡᠢ ᠪᠠᠢᠢᠬᠤ ᠢᠢ ᠲᠥᠷᠦ ᠵᠠᠰᠠᠭ ᠠᠴᠠ ᠤᠷᠢᠶᠠᠯᠠᠵᠤ᠂ ᠨᠡᠢᠢᠲᠡ ᠢᠢᠨ ᠬᠥᠳᠡᠯᠭᠡᠭᠡᠨ ᠢ ᠬᠢᠵᠠᠭᠠᠷᠯᠠᠬᠤ ᠠᠴᠠ ᠥᠭᠡᠷ᠎ᠡ ᠠᠷᠭ᠎ᠠ ᠦᠭᠡᠢ ᠡᠷᠦᠰᠳᠡᠯᠲᠡᠢ ᠨᠥᠬᠥᠴᠡᠯ ᠪᠠᠢᠢᠳᠠᠯ ᠳᠤ ᠪᠠᠢᠢᠭ᠎ᠠ ᠢᠢ ᠮᠣᠩ᠋ᠭᠣᠯᠴᠤᠳ ᠮᠠᠨᠢ ᠠᠭᠤᠵᠢᠮ ᠰᠡᠳᠬᠢᠯ ᠢᠶᠡᠷ ᠤᠬᠠᠮᠰᠠᠷᠯᠠᠨ ᠣᠢᠢᠯᠠᠭᠠᠵᠤ᠂ ᠤᠷᠢᠶᠠᠯᠠᠨ ᠳᠡᠮᠵᠢᠵᠦ ᠪᠠᠢᠢᠭᠠᠳ ᠲᠠᠯᠠᠷᠬᠠᠯ ᠲᠠᠢ ᠪᠠᠢᠢᠨ᠎ᠠ᠃

ᠠᠬᠠᠮᠠᠳ ᠪᠤᠭᠤᠷᠤᠯ ᠤᠳ ᠠ᠋!

ᠮᠣᠩ᠋ᠭᠣᠯ  ᠤᠨ ᠲᠥᠷᠦ ᠨᠠᠰᠤᠲᠠᠨ ᠪᠤᠭᠤᠷᠤᠯ ᠤᠳ ᠢᠶᠠᠨ ᠬᠠᠯᠠᠮᠵᠢᠯᠠᠨ ᠲᠡᠳᠬᠦᠬᠦ ᠨᠠᠨᠳᠢᠨ ᠤᠯᠠᠮᠵᠢᠯᠠᠯ ᠢᠶᠠᠨ ᠤᠮᠠᠷᠲᠠᠯ ᠦᠭᠡᠢ᠂ ᠬᠢᠴᠢᠶᠡᠨ ᠭᠦᠢᠴᠡᠯᠳᠦᠭᠦᠯᠬᠦ ᠪᠡᠷ ᠴᠢᠷᠮᠠᠢᠢᠨ ᠠᠵᠢᠯᠯᠠᠵᠤ ᠪᠠᠢᠢᠭ᠎ᠠ᠃

ᠰᠠᠶ᠋ᠢᠬᠠᠨ ᠪᠠᠲᠤᠯᠠᠭᠳᠠᠭᠰᠠᠨ ᠢᠷᠭᠡᠳ ᠦᠨ ᠲᠡᠳᠬᠦᠪᠦᠷᠢ ᠪᠠᠷᠢᠴᠠᠭᠠᠯᠠᠭᠰᠠᠨ ᠵᠡᠭᠡᠯᠢ ᠢᠢᠨ ᠲᠥᠯᠥᠪᠦᠷᠢ ᠢᠢ ᠲᠥᠷᠥ ᠡᠴᠡ ᠨᠢᠭᠡ ᠤᠳᠠᠭ᠎ᠠ ᠤᠯᠭᠤᠬᠤ ᠲᠤᠬᠠᠢ ᠬᠠᠤᠯᠢ ᠪᠣᠯ ᠡᠭᠦᠨ ᠦ ᠲᠣᠳᠣᠬᠠᠨ ᠢᠯᠡᠷᠬᠡᠢᠢᠯᠡᠯ ᠪᠥᠭᠡᠳ ᠳᠠᠷᠠᠭ᠎ᠠ ᠳᠠᠷᠠᠭ᠎ᠠ ᠢᠢᠨ ᠱᠠᠲᠤ ᠳᠠᠷᠠᠭᠠᠯᠠᠭᠰᠠᠨ ᠠᠷᠭ᠎ᠠ ᠬᠡᠮᠵᠢᠶᠡᠨ ᠦ ᠵᠥᠪᠬᠡᠨ ᠡᠬᠢᠯᠡᠯ ᠶᠤᠮ᠃

《ᠠᠮᠠᠨ ᠤ ᠪᠡᠯᠭᠡ ᠡᠴᠡ ᠠᠰᠢᠳᠠ ᠢᠢᠨ ᠪᠡᠯᠭᠡ》 ᠭᠡᠳᠡᠭᠴᠢᠯᠡᠨ ᠮᠣᠩ᠋ᠭᠣᠯ  ᠲᠦᠮᠡᠨ ᠪᠢᠳᠡ ᠬᠠᠮᠲᠤ ᠢᠢᠨ ᠬᠦᠴᠦ ᠪᠡᠷ ᠳᠡᠯᠡᠬᠡᠢ ᠨᠡᠢᠢᠲᠡ ᠢᠢ ᠲᠦᠭᠰᠢᠶᠡᠭᠰᠡᠨ ᠡᠨᠡᠬᠦ ᠰᠣᠷᠢᠯᠲᠠ ᠢᠢ ᠳᠠᠪᠠᠨ ᠲᠤᠭᠤᠯᠵᠤ᠂ ᠡᠩᠬᠡ ᠴᠠᠭ ᠢ ᠠᠮᠠ ᠴᠠᠭᠠᠨ ᠬᠤᠯᠤᠭᠠᠨ᠎ᠠ ᠵᠢᠯ ᠦᠨ ᠡᠬᠢᠨ ᠳᠥ ᠠᠪᠴᠢᠷᠠᠬᠤ ᠢᠢᠨ ᠲᠥᠯᠥᠭᠡ ᠢᠷᠭᠡᠳ ᠦᠨ ᠢᠶᠡᠨ ᠡᠷᠡᠭᠦᠯ ᠮᠡᠨᠳᠦ ᠢᠢᠨ ᠮᠠᠨᠠᠭᠠᠨ ᠳᠤ ᠨᠢᠳᠦ ᠴᠠᠪᠴᠢᠯ ᠦᠭᠡᠢ ᠵᠣᠭᠰᠣᠵᠤ ᠪᠤᠢ ᠣᠨᠴᠤᠭᠤᠢ ᠪᠠᠢᠢᠳᠠᠯ᠂ ᠡᠷᠡᠭᠦᠯ ᠮᠡᠨᠳᠦ ᠢᠢᠨ ᠰᠠᠯᠪᠤᠷᠢ ᠢᠢᠨ ᠢᠶᠠᠨ ᠠᠵᠢᠯᠲᠠᠨ᠂ ᠠᠯᠪᠠᠨ ᠬᠠᠭᠠᠭᠴᠢᠳ ᠤᠨ ᠬᠥᠳᠡᠯᠮᠦᠷᠢ ᠵᠢᠳᠬᠦᠯ ᠢ ᠦᠨᠡᠯᠡᠵᠦ᠂ ᠲᠥᠷᠥ ᠵᠠᠰᠠᠭ ᠤᠨ ᠢᠶᠠᠨ ᠰᠢᠢᠳᠪᠦᠷᠢ ᠢᠢ ᠦᠯᠢᠭᠡᠷᠯᠡᠨ ᠳᠠᠭᠠᠨ᠎ᠠ ᠭᠡᠳᠡᠭ ᠲᠥ ᠭᠦᠨ᠎ᠡ ᠢᠲᠡᠭᠡᠵᠦ ᠪᠠᠢᠢᠨ᠎ᠠ᠃

ᠮᠥᠩᠬᠡ ᠲᠩᠷᠢ ᠢᠢᠨ ᠬᠦᠴᠦᠨ ᠳᠦᠷ ᠮᠣᠩ᠋ᠭᠣᠯ  ᠤᠨ ᠠᠭᠤᠳᠠᠮ ᠨᠤᠲᠤᠭ ᠲᠤ ᠡᠷᠡᠭᠦᠯ ᠡᠩᠬᠡ᠂ ᠡᠯᠢᠭᠡ ᠪᠦᠲᠦᠨ ᠠᠮᠢᠳᠤᠷᠠᠯ ᠥᠨᠢᠳᠡ ᠣᠷᠣᠰᠢᠭ》 ᠭᠡᠯ᠎ᠡ᠃