Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠨᠠᠦ᠋ᠷᠢᠽ ᠤᠨ ᠪᠠᠶᠠᠷ ᠤᠨ ᠮᠡᠨᠳᠦᠴᠢᠯᠡᠭᠡ ᠳᠡᠪᠰᠢᠭᠦᠯᠦᠯ᠎ᠡ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠨᠠᠦ᠋ᠷᠢᠽ ᠤᠨ ᠪᠠᠶᠠᠷ ᠢ ᠲᠣᠬᠢᠶᠠᠯᠳᠤᠭᠤᠯᠤᠨ ᠺᠠᠽᠠᠺ  ᠲᠦᠮᠡᠨ ᠳᠥ ᠪᠡᠨ ᠮᠡᠨᠳᠦᠴᠢᠯᠡᠭᠡ ᠳᠡᠪᠰᠢᠭᠦᠯᠦᠯ᠎ᠡ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ  ᠢᠢᠨ ᠮᠡᠨᠳᠦᠴᠢᠯᠡᠭᠡᠨ ᠳᠦᠷ᠄

《 ᠨᠠᠦ᠋ᠷᠢᠽ ᠤᠨ ᠪᠠᠶᠠᠷ ᠤᠨ ᠬᠠᠯᠠᠭᠤᠨ ᠮᠡᠨᠳᠦ ᠢᠢ ᠺᠠᠽᠠᠺ  ᠲᠦᠮᠡᠨ ᠳᠥ ᠪᠡᠨ ᠳᠡᠪᠰᠢᠭᠦᠯᠦᠶ᠎ᠡ᠃

ᠤᠷᠢᠨ ᠬᠠᠪᠤᠷ ᠢ ᠥᠯᠵᠡᠢᠢᠲᠡᠢ ᠰᠠᠢᠢᠬᠠᠨ ᠢᠶᠠᠷ ᠤᠭᠲᠤᠨ ᠵᠣᠯᠭᠠᠬᠤ ᠢᠢᠨ ᠢᠷᠦᠭᠡᠯ ᠨᠠᠦ᠋ᠷᠢᠽ ᠤᠨ ᠪᠠᠶᠠᠷ ᠢ ᠤᠯᠠᠮᠵᠢᠯᠠᠯ ᠶᠣᠰᠣᠭᠠᠷ ᠲᠡᠮᠳᠡᠭᠯᠡᠵᠦ ᠪᠠᠢᠢᠭ᠎ᠠ ᠺᠠᠽᠠᠺ  ᠲᠦᠮᠡᠨ ᠳᠥ ᠪᠡᠨ ᠬᠠᠨᠳᠤᠨ ᠤᠷᠢᠶᠠᠯᠠᠬᠤ ᠳᠤ᠄

ᠠᠬᠠᠨ ᠳᠡᠭᠦᠰ᠂ ᠠᠢᠢᠯ ᠰᠠᠭᠠᠬᠠᠯᠲᠠ ᠪᠠᠷ ᠢᠶᠠᠨ ᠠᠭᠤᠯᠵᠠᠨ ᠵᠣᠯᠭᠠᠵᠤ᠂ ᠠᠬᠠᠮᠠᠳ ᠨᠠᠰᠤᠲᠠᠨ ᠢᠶᠠᠨ ᠳᠡᠭᠡᠳᠦᠯᠡᠨ ᠬᠦᠨᠳᠦᠯᠡᠬᠦ ᠰᠠᠢᠢᠬᠠᠨ ᠵᠠᠩᠰᠢᠯ ᠢᠶᠠᠨ ᠡᠨᠡ ᠤᠳᠠᠭ᠎ᠠ ᠬᠦᠯᠢᠴᠡᠨ ᠬᠣᠢᠢᠰᠢᠯᠠᠭᠤᠯᠵᠤ᠂ ᠲᠧᠭᠨᠣᠯᠣᠭᠢ ᠢᠢᠨ ᠳᠡᠪᠰᠢᠯ ᠢ ᠠᠰᠢᠭᠯᠠᠨ ᠴᠠᠬᠢᠮ ᠵᠣᠯᠭᠠᠯᠲᠠ᠂ ᠵᠠᠢ ᠠᠴᠠ ᠮᠡᠨᠳᠦᠴᠢᠯᠡᠭᠡ ᠳᠡᠪᠰᠢᠭᠦᠯᠬᠦ ᠵᠡᠷᠭᠡ ᠡᠷᠦᠰᠳᠡᠯ ᠡᠴᠡ ᠰᠡᠷᠭᠡᠢᠢᠯᠡᠭᠰᠡᠨ ᠬᠡᠯᠪᠡᠷᠢ ᠢᠢ ᠠᠰᠢᠭᠯᠠᠬᠤ ᠢᠢ ᠲᠦᠮᠡᠨ ᠳᠥ ᠪᠡᠨ ᠬᠦᠰᠡᠶ᠎ᠡ᠃

ᠳᠡᠯᠡᠬᠡᠢ ᠳᠠᠶᠠᠭᠠᠷ ᠲᠠᠷᠬᠠᠵᠤ ᠪᠤᠢ ᠲᠢᠲᠢᠮᠳᠦ ᠸᠢᠷᠦ᠋ᠰ ᠦᠨ ᠬᠠᠯᠳᠠᠪᠤᠷᠢ ᠠᠴᠠ ᠨᠠᠰᠤᠲᠠᠨ ᠪᠤᠭᠤᠷᠤᠯ ᠤᠳ ᠢᠶᠠᠨ ᠬᠠᠮᠠᠭᠠᠯᠠᠬᠤ ᠨᠢ ᠲᠠ ᠪᠢᠳᠡᠨ ᠦ ᠡᠩ ᠲᠡᠷᠢᠭᠦᠨ ᠦ ᠡᠭᠦᠷᠭᠡ ᠪᠥᠭᠡᠳ ᠰᠠᠬᠢᠯᠭ᠎ᠠ ᠪᠠᠲᠤ ᠲᠠᠢ᠂ ᠳᠢᠭ᠌ ᠵᠢᠷᠤᠮ ᠲᠠᠢ ᠪᠠᠢᠢᠳᠠᠯ ᠢᠶᠠᠨ ᠪᠠᠶᠠᠷ ᠤᠨ ᠡᠳᠦᠷ ᠦᠳ ᠲᠥ ᠴᠤ ᠦᠷᠭᠦᠯᠵᠢᠯᠡᠭᠦᠯᠬᠦ ᠢᠢ ᠮᠥᠨ ᠤᠷᠢᠶᠠᠯᠠᠵᠤ ᠪᠠᠢᠢᠨ᠎ᠠ᠃

ᠨᠠᠦ᠋ᠷᠢᠽ ᠨᠢ ᠡᠪᠲᠡᠢ ᠨᠠᠢᠢᠷᠲᠠᠢ ᠠᠵᠤ ᠲᠥᠷᠥᠬᠦ ᠢᠢᠨ ᠪᠡᠯᠭᠡᠳᠡᠯ᠂ ᠨᠠᠰᠤᠲᠠᠨ ᠪᠤᠭᠤᠷᠤᠯ ᠤᠳ ᠢᠶᠠᠨ ᠬᠦᠨᠳᠦᠯᠡᠬᠦ ᠶᠣᠰᠣ ᠢᠢ ᠦᠶ᠎ᠡ ᠡᠴᠡ ᠦᠶ᠎ᠡ ᠳᠥ ᠤᠯᠠᠮᠵᠢᠯᠠᠭᠤᠯᠤᠨ ᠥᠪᠯᠡᠭᠦᠯᠳᠡᠭ ᠴᠢᠷᠦᠭᠳᠡᠯ ᠪᠠᠭᠠᠲᠠᠢ᠂ ᠬᠠᠲᠠᠭᠤ ᠳᠠᠷᠠᠰᠤ ᠢᠢ ᠴᠡᠭᠡᠷᠯᠡᠭᠰᠡᠨ ᠥᠪᠡᠷᠮᠢᠴᠡ ᠪᠠᠶᠠᠷ ᠪᠣᠯᠬᠤ ᠢᠢᠨ ᠬᠤᠪᠢ ᠳᠤ ᠠᠬᠠᠮᠠᠳ ᠤᠳ ᠢᠶᠠᠨ ᠮᠠᠭᠤ ᠪᠦᠬᠦᠨ ᠡᠴᠡ ᠨᠡᠢᠢᠲᠡ ᠪᠡᠷ ᠢᠶᠡᠨ ᠥᠮᠦᠭᠡᠯᠡᠨ ᠬᠠᠮᠠᠭᠠᠯᠠᠬᠤ ᠨᠢ ᠵᠦᠢ ᠳᠥ ᠨᠡᠢᠢᠴᠡᠬᠦ ᠶᠤᠮ᠃

ᠡᠭᠡᠯᠢᠲᠦ ᠨᠠᠷᠠᠨ ᠨᠠᠭᠠᠰᠢᠯᠠᠵᠤ᠂ ᠡᠩᠬᠡ ᠴᠠᠭ ᠢᠷᠡᠵᠦ ᠪᠠᠢᠢᠨ᠎ᠠ᠃

ᠡᠷᠡᠭᠦᠯ ᠰᠠᠷᠠᠭᠤᠯ ᠪᠠᠢᠢᠬᠤ ᠳᠤ ᠪᠢᠳᠡ ᠪᠦᠭᠦᠳᠡ ᠣᠯᠠᠨ ᠨᠠᠦ᠋ᠷᠢᠽ ᠤᠨ ᠪᠠᠶᠠᠷ ᠢ ᠬᠠᠮᠲᠤ ᠳᠤ ᠪᠠᠨ ᠤᠭᠲᠤᠨ ᠵᠣᠯᠭᠠᠵᠤ᠂ ᠠᠭᠤᠯᠵᠠᠨ ᠪᠠᠶᠠᠷᠯᠠᠬᠤ ᠪᠢᠯᠡ᠃

ᠨᠡᠢᠢᠲᠡ ᠺᠠᠽᠠᠺ  ᠢᠷᠭᠡᠳ ᠲᠥ ᠪᠡᠨ ᠨᠠᠦ᠋ᠷᠢᠽ ᠤᠨ ᠪᠠᠶᠠᠷ ᠤᠨ ᠮᠡᠨᠳᠦ ᠢᠢ ᠳᠠᠬᠢᠨ ᠳᠡᠪᠰᠢᠭᠦᠯᠵᠦ᠂ ᠰᠠᠢᠢᠨ ᠰᠠᠢᠢᠬᠠᠨ ᠪᠦᠬᠦᠨ ᠢ ᠬᠦᠰᠡᠨ ᠢᠷᠦᠭᠡᠶ᠎ᠡ》 ᠭᠡᠵᠡᠢ᠃