Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠶᠢᠯᠡᠭᠴᠢ ᠬ ∙ ᠪᠠᠲᠤᠲᠤᠯᠭ᠎ᠠ ᠰᠣᠩ᠋ᠭᠣᠭᠤᠯᠢ ᠶᠢᠨ ᠶᠡᠷᠦᠩᠬᠡᠢ ᠬᠣᠷᠢᠶᠠᠨ ᠤ ᠳᠠᠷᠤᠭ᠎ᠠ᠂ ᠭᠡᠰᠢᠭᠦᠳ ᠲᠡᠢ ᠠᠭᠤᠯᠵᠠᠯ᠎ᠠ

ᠮᠣᠩ᠋ᠭᠣᠯ  ᠤᠯᠤᠰ ᠤᠨ ᠶᠡᠷᠦᠩᠬᠡᠶᠢᠯᠡᠭᠴᠢ ᠬ ∙ ᠪᠠᠲᠤᠲᠤᠯᠭ᠎ᠠ ᠥᠨᠥᠳᠥᠷ ᠰᠣᠩ᠋ᠭᠣᠭᠤᠯᠢ ᠶᠢᠨ ᠶᠡᠷᠦᠩᠬᠡᠢ ᠬᠣᠷᠢᠶ᠎ᠠ ᠢᠢᠨ ᠳᠠᠷᠤᠭ᠎ᠠ᠂ ᠭᠡᠰᠢᠭᠦᠳ ᠢ ᠬᠦᠯᠢᠶᠡᠨ ᠠᠪᠴᠤ ᠠᠭᠤᠯᠵᠠᠵᠤ᠂ 2020 ᠣᠨ ᠤ ᠤᠯᠤᠰ ᠤᠨ ᠶᠡᠬᠡ ᠬᠤᠷᠠᠯ ᠤᠨ ᠡᠭᠡᠯᠵᠢᠲᠦ ᠰᠣᠩ᠋ᠭᠣᠭᠤᠯᠢ ᠶᠢᠨ ᠪᠡᠯᠡᠳᠬᠡᠯ ᠠᠵᠢᠯ ᠤᠨ ᠲᠠᠯ᠎ᠠ ᠪᠠᠷ ᠵᠥᠪᠯᠡᠯᠳᠦᠵᠦ᠂ ᠶᠠᠷᠢᠯᠴᠠᠯ᠎ᠠ᠃

ᠡᠨᠡ ᠤᠳᠠᠭ᠎ᠠ ᠶᠢᠨ ᠰᠣᠩ᠋ᠭᠣᠭᠤᠯᠢ ᠺᠣᠷᠤᠨᠠᠸᠢᠷᠦ᠋ᠰᠲᠦ ᠴᠠᠷ᠎ᠠ ᠲᠠᠬᠤᠯ ᠤᠨ ᠨᠥᠬᠥᠴᠡᠯ ᠳᠥ ᠪᠣᠯᠬᠤ ᠲᠤᠯᠠ ᠨᠡᠶᠢᠲᠡ ᠢᠷᠭᠡᠳ ᠦᠨ ᠠᠶᠤᠯ ᠦᠭᠡᠢ ᠪᠠᠶᠢᠳᠠᠯ ᠢ ᠬᠠᠮᠠᠭᠠᠯᠠᠬᠤ᠂ ᠪᠥᠭᠡᠭᠡᠨᠡᠷᠡᠯ᠂ ᠴᠤᠭᠯᠠᠷᠠᠯ ᠳᠤ ᠡᠭᠦᠰᠬᠡᠬᠦ ᠦᠭᠡᠢ ᠪᠠᠶᠢᠬᠤ ᠴᠢᠭᠯᠡᠯ ᠢᠶᠡᠷ ᠰᠣᠩ᠋ᠭᠣᠭᠤᠯᠢ ᠶᠢᠨ ᠶᠡᠷᠦᠩᠬᠡᠢ ᠬᠣᠷᠢᠶᠠᠨ ᠤ ᠬᠢᠵᠦ ᠪᠤᠢ ᠪᠡᠯᠡᠳᠬᠡᠯ ᠠᠵᠢᠯ ᠢ ᠰᠤᠨᠤᠰᠪᠠ᠃

ᠠᠭᠤᠯᠵᠠᠯᠲᠠ ᠳᠤ᠂ ᠰᠣᠩ᠋ᠭᠣᠭᠤᠯᠢ ᠶᠢᠨ ᠶᠡᠷᠦᠩᠬᠡᠢ ᠬᠣᠷᠢᠶᠠᠨ ᠤ ᠳᠠᠷᠤᠭ᠎ᠠ ᠴ ∙ ᠰᠣᠳᠨᠠᠮᠴᠡᠷᠢᠩ᠂ ᠨᠠᠷᠢᠨ ᠪᠢᠴᠢᠭ᠌ ᠦᠨ ᠳᠠᠷᠤᠭ᠎ᠠ ᠴ ∙ ᠪᠣᠯᠤᠳᠰᠠᠶᠢᠬᠠᠨ᠂ ᠭᠡᠰᠢᠭᠦᠳ ᠣ᠊ ∙ ᠠᠮᠤᠭᠤᠯᠠᠩᠪᠠᠭᠠᠲᠤᠷ᠂ ᠭ ∙ ᠪᠠᠶᠢᠭᠠᠯᠢᠮ᠎ᠠ᠂ ᠡ᠊ ∙ ᠪᠠᠲᠤᠪᠣᠯᠤᠳ᠂  ᠲ ∙ ᠪᠠᠶᠠᠨᠳᠦ᠋ᠬᠦᠷᠡᠩ᠂ ᠪ ∙ ᠭᠠᠩᠪᠠᠲᠤ᠂ ᠷ ∙ ᠰᠣᠳᠣᠬᠦ᠋ᠦ᠂ ᠥ᠊ ∙ ᠡᠩᠬᠡᠲᠦ᠋ᠷᠦ ᠨᠠᠷ ᠣᠷᠣᠯᠴᠠᠵᠤ᠂ ᠡᠭᠡᠯᠵᠢᠲᠦ ᠰᠣᠩ᠋ᠭᠣᠭᠤᠯᠢ ᠶᠢᠨ ᠪᠡᠯᠡᠳᠬᠡᠯ ᠠᠵᠢᠯ ᠢ ᠣᠨᠴᠤᠭᠤᠢ ᠨᠥᠬᠥᠴᠡᠯ ᠪᠠᠶᠢᠳᠠᠯ ᠳᠤ ᠬᠡᠷᠬᠢᠨ ᠤᠶᠠᠯᠳᠤᠭᠤᠯᠤᠨ ᠠᠵᠢᠯᠯᠠᠵᠤ ᠪᠠᠶᠢᠭ᠎ᠠ ᠲᠠᠯ᠎ᠠ ᠪᠠᠷ ᠢᠶᠠᠨ ᠮᠣᠩ᠋ᠭᠣᠯ  ᠤᠯᠤᠰ ᠤᠨ ᠶᠡᠷᠦᠩᠬᠡᠶᠢᠯᠡᠭᠴᠢ ᠳᠥ ᠲᠠᠨᠢᠯᠴᠠᠭᠤᠯᠤᠯ᠎ᠠ᠃

ᠠᠭᠤᠯᠵᠠᠯᠲᠠ ᠶᠢᠨ ᠲᠡᠭᠦᠰᠬᠡᠯ ᠳᠥ ᠮᠣᠩ᠋ᠭᠣᠯ  ᠤᠯᠤᠰ ᠤᠨ ᠶᠡᠷᠦᠩᠬᠡᠶᠢᠯᠡᠭᠴᠢ ᠬ ∙ ᠪᠠᠲᠤᠲᠤᠯᠭ᠎ᠠ ᠰᠣᠩ᠋ᠭᠣᠭᠤᠯᠢ ᠵᠣᠬᠢᠶᠠᠨ ᠪᠠᠶᠢᠭᠤᠯᠬᠤ ᠠᠵᠢᠯ ᠤᠨ ᠬᠦᠷᠢᠶᠡᠨ ᠳᠥ ᠣᠯᠠᠨ ᠨᠡᠶᠢᠲᠡ ᠶᠢᠨ ᠴᠤᠭᠯᠠᠷᠠᠯ ᠳᠤ ᠵᠠᠶᠢᠯᠠᠰᠢ ᠦᠭᠡᠢ ᠡᠭᠦᠰᠬᠦ᠂ ᠨᠡᠶᠢᠲᠡ ᠰᠣᠩ᠋ᠭᠣᠭᠴᠢ ᠬᠤᠷᠤᠭᠤᠨ ᠤ ᠬᠡ ᠥᠭ᠍ᠬᠦ᠂ ᠠᠮᠠᠨ ᠤ ᠬᠠᠭᠠᠯᠲᠠ᠂ ᠪᠡᠭᠡᠯᠡᠢ ᠬᠡᠷᠡᠭᠯᠡᠬᠦ᠂ ᠲᠡᠳᠡᠭᠡᠷ ᠢᠶᠡᠷ ᠬᠠᠩ᠋ᠭᠠᠬᠤ ᠵᠡᠷᠭᠡ ᠠᠰᠠᠭᠤᠳᠠᠯ ᠤᠳ ᠢᠶᠠᠷ ᠦᠷᠭᠦᠯᠵᠢᠯᠡᠭᠦᠯᠦᠨ ᠶᠠᠷᠢᠯᠴᠠᠪᠠ᠃

ᠮᠥᠨ ᠭᠠᠳᠠᠭᠠᠳᠤ ᠤᠯᠤᠰ ᠤᠳ ᠲᠤ ᠪᠠᠶᠢᠭ᠎ᠠ ᠮᠣᠩ᠋ᠭᠣᠯ  ᠢᠷᠭᠡᠳ ᠦᠨ ᠨᠥᠬᠥᠴᠡᠯ ᠪᠠᠶᠢᠳᠠᠯ ᠤᠯᠠᠮ ᠬᠦᠨᠳᠦᠷᠡᠵᠦ ᠪᠠᠶᠢᠭ᠎ᠠ ᠲᠤᠯᠠ ᠡᠬᠡ ᠣᠷᠣᠨ ᠳᠤ ᠨᠢ ᠠᠪᠴᠢᠷᠠᠬᠤ ᠱᠠᠭᠠᠷᠳᠠᠯᠭ᠎ᠠ ᠲᠠᠢ᠂ ᠡᠭᠦᠨ ᠢ ᠳᠠᠭᠠᠭᠠᠳ ᠺᠣᠷᠤᠨᠠᠸᠢᠷᠦ᠋ᠰ ᠵᠥᠭᠡᠭᠡᠪᠦᠷᠢᠯᠡᠭᠳᠡᠵᠦ ᠣᠷᠣᠵᠤ ᠢᠷᠡᠭᠰᠡᠨ ᠲᠣᠬᠢᠶᠠᠯᠳᠤᠯ ᠤᠳ ᠨᠡᠮᠡᠭᠳᠡᠬᠦ ᠪᠣᠳᠠᠲᠤ ᠡᠷᠦᠰᠳᠡᠯ ᠪᠠᠶᠢᠭ᠎ᠠ ᠵᠡᠷᠭᠡ ᠶᠢ ᠬᠠᠷᠠᠭᠠᠯᠵᠠᠨ ᠦᠵᠡᠬᠦ ᠱᠠᠭᠠᠷᠳᠠᠯᠭ᠎ᠠ ᠲᠠᠢ ᠭᠡᠰᠡᠨ ᠶᠤᠮ᠃

ᠰᠣᠩ᠋ᠭᠣᠭᠤᠯᠢ ᠶᠢᠨ ᠶᠡᠷᠦᠩᠬᠡᠢ ᠬᠣᠷᠢᠶᠠᠨ ᠤ ᠭᠡᠰᠢᠭᠦᠳ ᠲᠤᠯᠭᠠᠷᠠᠬᠤ ᠡᠷᠦᠰᠳᠡᠯ ᠲᠡᠢ ᠪᠠᠶᠢᠭ᠎ᠠ ᠳᠡᠭᠡᠷᠡᠬᠢ ᠠᠰᠠᠭᠤᠳᠠᠯ ᠤᠨ ᠬᠦᠷᠢᠶᠡᠨ ᠳᠥ ᠢᠷᠡᠬᠦ ᠳᠣᠯᠣᠭ᠎ᠠ ᠬᠣᠨᠣᠭ ᠲᠤ ᠬᠤᠷᠠᠯᠳᠤᠵᠤ᠂ ᠰᠠᠨᠠᠯ᠎ᠠ ᠤᠯᠤᠰ ᠤᠨ ᠶᠡᠬᠡ ᠬᠤᠷᠠᠯ᠂ ᠵᠠᠰᠠᠭ ᠤᠨ ᠭᠠᠵᠠᠷ ᠲᠤ ᠬᠦᠷᠭᠡᠭᠦᠯᠦᠨ᠎ᠡ ᠭᠡᠯ᠎ᠡ᠃