Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠤᠯᠤᠰ ᠤᠨ ᠣᠨᠴᠤᠭᠤᠢ ᠺᠣᠮᠢᠰ ᠲᠤ ᠲᠤᠰᠬᠠᠢ ᠵᠣᠷᠢᠭᠤᠯᠤᠯᠲᠠ ᠢᠢᠨ ᠬᠤᠪᠴᠠᠰᠤ ᠬᠠᠨᠳᠢᠪᠯᠠᠯ᠎ᠠ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠦᠨᠳᠦᠰᠦᠨ ᠦ ᠦᠢᠯᠡᠳᠪᠦᠷᠢᠯᠡᠭᠴᠢ 《Exclusive》 ᠺᠣᠮᠫᠠᠨᠢ ᠢᠢᠨ ᠦᠢᠯᠡᠳᠪᠦᠷᠢᠯᠡᠵᠦ ᠪᠤᠢ 《exMed》 ᠪᠷᠧᠨ᠋ᠳ᠋ ᠦᠨ 5᠂000 ᠰᠢᠷᠬᠡᠭ᠌ ᠸᠢᠷᠦᠰᠤᠨ ᠠᠴᠠ ᠬᠠᠮᠠᠭᠠᠯᠠᠬᠤ ᠲᠤᠰᠬᠠᠢ ᠵᠣᠷᠢᠭᠤᠯᠤᠯᠲᠠ ᠢᠢᠨ ᠬᠤᠪᠴᠠᠰᠤ ᠢᠢ ᠬᠤᠳᠠᠯᠳᠤᠨ ᠠᠪᠴᠤ᠂ ᠤᠯᠤᠰ ᠤᠨ ᠣᠨᠴᠤᠭᠤᠢ ᠺᠣᠮᠢᠰ ᠲᠤ ᠬᠠᠨᠳᠢᠪᠯᠠᠯ᠎ᠠ᠃

ᠬᠠᠨᠳᠢᠪ ᠤᠨ ᠬᠠᠮᠠᠭᠠᠯᠠᠬᠤ ᠬᠤᠪᠴᠠᠰᠤ ᠢᠢ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠤᠨ ᠳᠠᠷᠤᠭ᠎ᠠ ᠥ᠊ ∙ ᠰᠢᠵᠢᠷ ᠤᠯᠤᠰ ᠤᠨ ᠣᠨᠴᠤᠭᠤᠢ ᠺᠣᠮᠢᠰ ᠤᠨ ᠳᠠᠷᠤᠭ᠎ᠠ ᠥ᠊ ∙ ᠡᠩᠬᠡᠲᠦᠪᠰᠢᠨ ᠳᠥ ᠥᠨᠥᠳᠥᠷ ᠭᠠᠷᠳᠠᠭᠤᠯᠤᠯ᠎ᠠ᠃

ᠤᠯᠤᠰ ᠤᠨ ᠣᠨᠴᠤᠭᠤᠢ ᠺᠣᠮᠢᠰ ᠤᠨ ᠳᠠᠷᠤᠭ᠎ᠠ᠂ ᠰᠢᠳᠠᠷ ᠰᠠᠢᠢᠳ ᠥ᠊ ∙ ᠡᠩᠬᠡᠲᠦᠪᠰᠢᠨ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠵᠦᠭ ᠡᠴᠡ ᠥᠨᠳᠥᠷ ᠡᠷᠦᠰᠳᠡᠯ ᠲᠡᠢ ᠨᠥᠬᠥᠴᠡᠯ ᠪᠠᠢᠢᠳᠠᠯ ᠳᠤ ᠠᠵᠢᠯᠯᠠᠵᠤ ᠪᠠᠢᠢᠭ᠎ᠠ ᠲᠥᠷᠥ ᠢᠢᠨ ᠠᠯᠪᠠᠨ ᠬᠠᠭᠠᠭᠴᠢᠳ᠂ ᠡᠮᠨᠡᠯᠭᠡ᠂ ᠣᠨᠴᠤᠭᠤᠢ ᠪᠠᠢᠢᠳᠠᠯ᠂ ᠮᠡᠷᠭᠡᠵᠢᠯ ᠦᠨ ᠬᠢᠨᠠᠯᠲᠠ ᠢᠢᠨ ᠮᠡᠷᠭᠡᠵᠢᠯᠲᠡᠨ ᠨᠦᠭᠦᠳ ᠲᠥ ᠮᠠᠰᠢ ᠶᠡᠬᠡ ᠬᠡᠷᠡᠭᠲᠡᠢ ᠪᠠᠢᠢᠭ᠎ᠠ ᠬᠠᠮᠠᠭᠠᠯᠠᠬᠤ ᠬᠤᠪᠴᠠᠰᠤ ᠢᠢ ᠬᠠᠨᠳᠢᠪᠯᠠᠭᠰᠠᠨ ᠳᠤ ᠲᠠᠯᠠᠷᠬᠠᠵᠤ ᠪᠠᠢᠢᠭ᠎ᠠ ᠪᠠᠨ ᠢᠯᠡᠷᠬᠡᠢᠢᠯᠡᠯ᠎ᠡ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠤᠨ ᠳᠠᠷᠤᠭ᠎ᠠ ᠥ᠊ ∙ ᠰᠢᠵᠢᠷ ᠤᠯᠤᠰ ᠤᠨ ᠣᠨᠴᠤᠭᠤᠢ ᠺᠣᠮᠢᠰ ᠤᠨ ᠤᠳᠤᠷᠢᠳᠤᠯᠭ᠎ᠠ ᠳᠣᠣᠷ᠎ᠠ ᠴᠠᠷ᠎ᠠ ᠲᠠᠬᠤᠯ ᠤᠨ ᠭᠣᠯᠣᠮᠲᠠᠳ ᠠᠵᠢᠯᠯᠠᠵᠤ ᠪᠤᠢ ᠨᠡᠢᠢᠲᠡ ᠠᠯᠪᠠᠨ ᠬᠠᠭᠠᠭᠴᠢᠳ᠂ ᠡᠮᠴᠢ᠂ ᠰᠤᠪᠢᠯᠠᠭᠴᠢᠳ᠂ ᠮᠡᠷᠭᠡᠵᠢᠯᠲᠡᠨ ᠨᠦᠭᠦᠳ ᠲᠥ ᠠᠵᠢᠯ ᠤᠨ ᠠᠮᠵᠢᠯᠲᠠ ᠬᠦᠰᠡᠯ᠎ᠡ᠃