ᠮᠣᠩᠭ᠋ᠤᠯ ᠤᠯᠤᠰ ᠲᠤ ᠰᠠᠮᠪᠣ ᠪᠥᠬᠡ ᠢᠢᠨ ᠰᠫᠣᠷᠲ ᠡᠭᠦᠰᠡᠵᠥ᠂ ᠬᠥᠭ᠍ᠵᠢᠭᠰᠡᠨ ᠦ 50 ᠵᠢᠯ ᠦᠨ ᠣᠢ ᠡᠨᠡ ᠣᠨ ᠳᠤ ᠲᠣᠬᠢᠶᠠᠵᠤ᠂ ᠨᠠᠰᠤᠨ ᠳᠤ ᠬᠦᠷᠡᠭᠴᠢᠳ ᠦᠨ ᠤᠯᠤᠰ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ 49 ᠳ᠋ᠡᠬᠢ ᠵᠢᠯ ᠳᠥ ᠪᠡᠨ ᠪᠣᠯᠵᠤ ᠪᠠᠢᠢᠨ᠎ᠠ᠃ ᠥᠨᠥᠳᠥᠷ ᠪᠣᠯᠤᠭᠰᠠᠨ ᠲᠡᠮᠡᠴᠡᠭᠡᠨ ᠦ ᠨᠡᠭᠡᠭᠡᠯᠲᠡ ᠳᠥ ᠮᠣᠩᠭ᠋ᠤᠯ ᠤᠯᠤᠰ ᠤᠨ ᠶᠡᠷᠦᠩᠬᠡᠢᠢᠯᠡᠭᠴᠢ ᠬᠠ᠂ᠪᠠᠲᠤᠲᠤᠯᠭ᠎ᠠ ᠣᠷᠣᠯᠴᠠᠵᠤ᠂ ᠲᠠᠮᠢᠷᠴᠢᠳ ᠲᠤ ᠠᠮᠵᠢᠯᠲᠠ ᠬᠦᠰᠡᠯ᠎ᠡ᠃
ᠮᠣᠩᠭ᠋ᠤᠯ ᠤᠯᠤᠰ ᠤᠨ ᠶᠡᠷᠦᠩᠬᠡᠢᠢᠯᠡᠭᠴᠢ᠂ ᠰᠠᠮᠪᠣ ᠪᠥᠬᠡ ᠢᠢᠨ ᠳᠡᠯᠡᠬᠡᠢ ᠢᠢᠨ ᠠᠪᠤᠷᠭᠤ ᠬᠠ᠂ᠪᠠᠲᠤᠲᠤᠯᠭ᠎ᠠ ᠰᠠᠮᠪᠣ ᠪᠥᠬᠡ ᠢᠢᠨ ᠤᠯᠤᠰ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠢ ᠨᠡᠭᠡᠭᠡᠵᠦ ᠬᠡᠯᠡᠭᠰᠡᠨ ᠦᠭᠡᠨ ᠳᠥ ᠪᠡᠨ᠄
《ᠰᠠᠮᠪᠣ ᠪᠥᠬᠡ ᠢᠢᠨ ᠤᠯᠤᠰ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠥ ᠬᠦᠷᠦᠯᠴᠡᠨ ᠢᠷᠡᠭᠰᠡᠨ ᠵᠣᠴᠢᠳ ᠲᠥᠯᠦᠭᠡᠯᠡᠭᠴᠢᠳ᠂ ᠲᠠᠮᠢᠷᠴᠢᠨ᠂ ᠰᠢᠭᠦᠭ᠍ᠴᠢ ᠲᠠ ᠪᠦᠬᠦᠨ ᠳᠥ ᠡᠨᠡ ᠡᠳᠦᠷ ᠦᠨ ᠮᠡᠨᠳᠦ ᠬᠦᠷᠭᠡᠶ᠎ᠡ᠃ ᠮᠣᠩᠭ᠋ᠤᠯ ᠤᠯᠤᠰ ᠲᠤ ᠰᠠᠮᠪᠣ ᠪᠥᠬᠡ ᠬᠥᠭ᠍ᠵᠢᠭᠡᠳ 50 ᠵᠢᠯ ᠪᠣᠯᠵᠠᠢ᠃ ᠡᠨᠡ ᠪᠣᠯ ᠰᠫᠣᠷᠲ ᠤᠨ ᠢᠶᠠᠨ ᠲᠡᠦᠬᠡᠨ ᠳᠥ ᠤᠷᠲᠤ ᠬᠤᠭᠤᠴᠠᠭ᠎ᠠ᠃ ᠡᠨᠡ ᠤᠳᠠᠭ᠎ᠠ ᠢᠢᠨ 49 ᠳ᠋ᠡᠬᠢ ᠤᠳᠠᠭ᠎ᠠ ᠢᠢᠨ ᠤᠯᠤᠰ ᠤᠨ ᠠᠪᠤᠷᠭᠤ ᠰᠢᠯᠭᠠᠷᠠᠭᠤᠯᠬᠤ ᠲᠡᠮᠡᠴᠡᠭᠡᠨ ᠥᠨᠳᠥᠷ ᠬᠡᠮᠵᠢᠶᠡᠨ ᠳᠥ ᠵᠣᠬᠢᠶᠠᠨ ᠪᠠᠢᠢᠭᠤᠯᠤᠭᠳᠠᠵᠤ ᠪᠠᠢᠢᠭ᠎ᠠ ᠳᠤ ᠪᠠᠶᠠᠷᠲᠠᠢ ᠪᠠᠢᠢᠨ᠎ᠠ᠃ ᠰᠠᠮᠪᠣ ᠪᠥᠬᠡ ᠶᠡᠬᠡ ᠣᠨᠴᠠᠯᠢᠭ ᠲᠠᠢ᠂ ᠮᠣᠩᠭ᠋ᠤᠯ ᠤᠯᠤᠰ ᠲᠤ ᠠᠩᠬ᠎ᠠ ᠤᠳᠠᠭ᠎ᠠ ᠣᠯᠠᠨ ᠬᠦᠮᠦᠨ ᠢ ᠬᠠᠮᠤᠷᠤᠭᠤᠯᠤᠭᠰᠠᠨ ᠰᠢᠭᠰᠢᠭᠡ ᠪᠠᠭ ᠪᠠᠢᠢᠭᠤᠯᠤᠭᠳᠠᠵᠤ ᠪᠠᠢᠢᠭᠰᠠᠨ᠃ ᠮᠥᠨ 1973 ᠣᠨ ᠳᠤ ᠢᠷᠠᠨ ᠤ ᠨᠡᠢᠢᠰᠯᠡᠯ ᠲᠧᠭᠧᠷᠠᠨ ᠬᠣᠲᠠ ᠳᠤ ᠮᠣᠩᠭ᠋ᠤᠯ ᠠᠴᠠ ᠠᠩᠬᠠᠨ ᠤ ᠳᠡᠯᠡᠬᠡᠢ ᠢᠢᠨ ᠠᠪᠤᠷᠭᠤ ᠴᠣᠯᠠ ᠢᠢ ᠱ ∙ ᠴᠢᠨᠠᠷᠠᠪᠠ ᠪᠠᠭᠰᠢ ᠮᠠᠨᠢ ᠬᠦᠷᠢᠲᠦᠵᠦ ᠪᠠᠢᠢᠭᠰᠠᠨ ᠲᠡᠦᠬᠡᠨ ᠠᠩᠬᠠᠳᠠᠭᠴᠢ ᠨᠠᠷ ᠲᠠᠢ ᠶᠤᠮ᠃ ᠲᠡᠢᠢᠮᠦ ᠡᠴᠡ ᠠᠬᠠᠮᠠᠳ ᠲᠠᠮᠢᠷᠴᠢᠨ᠂ ᠠᠩᠬᠠᠳᠠᠭᠴᠢ ᠨᠠᠷ ᠲᠤ ᠪᠠᠨ ᠪᠠᠶᠠᠷ ᠬᠦᠷᠭᠡᠶ᠎ᠡ᠃
ᠡᠨᠡᠬᠦ ᠲᠡᠮᠡᠴᠡᠭᠡᠨ ᠳᠥ ᠬᠦᠷᠦᠯᠴᠡᠨ ᠢᠷᠡᠭᠰᠡᠨ 《ᠳᠡᠯᠡᠬᠡᠢ ᠢᠢᠨ ᠰᠠᠮᠪᠣ ᠪᠥᠬᠡ ᠢᠢᠨ ᠬᠣᠯᠪᠣᠭ᠎ᠠ》 ᠍ ᠢᠢᠨ ᠲᠥᠯᠥᠭᠡᠯᠡᠭᠴᠢᠳ ᠲᠥ ᠮᠥᠨ ᠪᠠᠶᠠᠷ ᠬᠦᠷᠭᠡᠶ᠎ᠡ᠃ ᠡᠨᠡ ᠲᠡᠮᠡᠴᠡᠭᠡᠨ ᠢ ᠦᠵᠡᠨ ᠰᠠᠭᠤᠭ᠎ᠠ ᠪᠦᠭᠦᠳᠡ ᠨᠠᠢᠢᠷᠠᠮᠳᠠᠬᠤ ᠪᠧᠯᠠᠷᠤᠢᠰ ᠤᠯᠤᠰ ᠠᠴᠠ ᠮᠣᠩᠭ᠋ᠤᠯ ᠤᠯᠤᠰ ᠲᠤ ᠰᠠᠭᠤᠭ᠎ᠠ ᠣᠨᠴᠠ ᠪᠥᠭᠡᠳ ᠪᠥᠷᠢᠨ ᠡᠷᠬᠡᠲᠦ ᠡᠯᠴᠢᠨ ᠰᠠᠢᠢᠳ ᠰᠲ᠋ᠠᠨᠢᠰᠯᠠᠪ ᠴᠧᠫᠦᠢᠷᠨᠣᠢ᠂ ᠮᠥᠨ 1980 ᠍ - ᠊ᠭᠠᠳ ᠣᠨ ᠳᠤ ᠬᠠᠭᠤᠴᠢᠨ ᠢᠶᠠᠷ ᠵᠥᠪᠯᠡᠯᠲᠦ ᠬᠣᠯᠪᠣᠭᠠᠲᠤ ᠤᠯᠤᠰ ᠪᠠᠢᠢᠬᠤ ᠳᠤ ᠮᠠᠰᠢ ᠬᠦᠴᠦᠲᠡᠢ ᠰᠠᠮᠪᠣ ᠪᠥᠬᠡ ᠢᠢᠨ ᠪᠠᠭ ᠲᠠᠢ ᠪᠠᠢᠢᠭᠰᠠᠨ ᠲᠡᠳᠡᠨ ᠦ ᠲᠥᠯᠦᠭᠡᠯᠡᠭᠴᠢ᠂ ᠮᠢᠨᠤ ᠨᠠᠢᠢᠵᠠ ᠶᠠᠫᠷᠢᠨ᠋ᠼᠧᠸ ᠸᠯᠠᠳᠢᠮᠢᠷ ᠭᠧᠨᠠᠳᠢᠶᠧᠸᠢᠴ ᠬᠦᠷᠦᠯᠴᠡᠨ ᠢᠷᠡᠭᠰᠡᠨ ᠳᠥ ᠲᠠᠯᠠᠷᠬᠠᠵᠤ ᠪᠠᠢᠢᠨ᠎ᠠ᠃
ᠡᠨᠡ ᠰᠫᠣᠷᠲ ᠵᠠᠯᠠᠭᠤᠴᠤᠳ ᠲᠤ᠂ ᠬᠡᠦᠬᠡᠳ ᠦᠳ ᠲᠥ ᠪᠡᠶ᠎ᠡ ᠪᠢᠯᠳᠠᠷ ᠤᠨ᠂ ᠣᠶᠤᠨ ᠰᠠᠨᠠᠭᠠᠨ ᠤ᠂ ᠰᠡᠳᠬᠢᠯ ᠵᠦᠢ ᠢᠢᠨ ᠮᠠᠰᠢ ᠶᠡᠬᠡ ᠬᠦᠮᠦᠵᠢᠯ ᠥᠭ᠍ᠬᠦ ᠡᠴᠡ ᠭᠠᠳᠠᠨ᠎ᠠ ᠪᠡᠷᠬᠡᠰᠢᠶᠡᠯ ᠢ ᠳᠠᠪᠠᠨ ᠲᠤᠭᠤᠯᠬᠤ ᠳᠤ ᠶᠡᠬᠡ ᠨᠡᠮᠡᠷᠢ ᠪᠣᠯᠳᠠᠭ ᠰᠫᠣᠷᠲ ᠶᠤᠮ᠃ ᠪᠢ ᠰᠠᠮᠪᠣ ᠪᠥᠬᠡ ᠮᠣᠩᠭ᠋ᠤᠯ ᠣᠷᠣᠨ ᠳᠤ ᠥᠨᠳᠦᠷ ᠬᠥᠭ᠍ᠵᠢᠵᠦ ᠪᠠᠢᠢᠭᠰᠠᠨ 1980-1990 ᠣᠨ ᠤ ᠦᠶ᠎ᠡ ᠳᠥ ᠡᠨᠡ ᠰᠫᠣᠷᠲ ᠢᠶᠠᠷ ᠬᠢᠴᠢᠶᠡᠯᠯᠡᠵᠦ ᠪᠠᠢᠢᠭᠰᠠᠨ ᠢᠶᠠᠷ ᠢᠶᠠᠨ᠂ ᠴᠢᠳᠠᠪᠤᠷᠢᠯᠢᠭ᠋ ᠪᠠᠭᠰᠢ ᠨᠠᠷ ᠢᠶᠠᠷ ᠳᠠᠰᠬᠠᠯᠵᠢᠭᠰᠠᠨ ᠳᠤ ᠪᠠᠨ᠂ ᠡᠳᠡᠭᠡᠷ ᠰᠢᠭᠰᠢᠭᠡ ᠪᠠᠭ ᠤᠨ ᠲᠠᠮᠢᠷᠴᠢᠳ ᠲᠠᠢ ᠬᠠᠮᠲᠤ ᠪᠠᠢᠢᠭᠰᠠᠨ ᠢᠶᠠᠷ ᠢᠶᠠᠨ ᠪᠠᠬᠠᠷᠬᠠᠵᠤ ᠶᠠᠪᠤᠳᠠᠭ᠃
ᠥᠨᠥᠳᠥᠷ ᠦᠨ ᠲᠡᠮᠡᠴᠡᠭᠡᠨ ᠮᠠᠰᠢ ᠰᠠᠢᠢᠬᠠᠨ ᠪᠣᠯᠵᠤ ᠪᠠᠢᠢᠨ᠎ᠠ᠃ ᠵᠠᠬ᠎ᠠ ᠵᠡᠭᠡᠯᠢ ᠢᠢᠨ ᠣᠷᠣᠭ᠎ᠠ᠂ ᠪᠤᠰᠬᠠᠭ᠎ᠠ ᠦᠶ᠎ᠡ ᠳᠥ ᠰᠠᠮᠪᠣ ᠪᠥᠬᠡ ᠢᠢᠨ ᠰᠫᠣᠷᠲ᠂ ᠵᠣᠬᠢᠶᠠᠨ ᠪᠠᠢᠢᠭᠤᠯᠤᠯᠲᠠ ᠮᠠᠭᠤᠳᠠᠵᠤ ᠪᠠᠢᠢᠭᠰᠠᠨ ᠴᠤ ᠥᠨᠥᠳᠥᠷ ᠦᠨ ᠬᠢ ᠰᠢᠭ᠌ ᠡᠷᠴᠢ ᠬᠦᠴᠢ ᠪᠡᠷ ᠴᠠᠭᠠᠰᠢ᠂ ᠴᠠᠭᠠᠰᠢᠳᠠ ᠢᠢᠨ ᠤᠯᠤᠰ ᠤᠨ ᠠᠪᠤᠷᠭᠤ᠂ ᠣᠯᠠᠨ ᠤᠯᠤᠰ᠂ ᠳᠡᠯᠡᠬᠡᠢ ᠢᠢᠨ ᠪᠣᠯᠤᠨ ᠡᠨᠡ ᠣᠨ ᠳᠤ ᠵᠣᠬᠢᠶᠠᠭᠳᠠᠬᠤ ᠠᠽᠢᠶ᠎ᠠ ᠢᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠨᠦᠭᠦᠳ ᠲᠥ ᠠᠮᠵᠢᠯᠲᠠ ᠭᠠᠷᠭᠠᠭᠠᠷᠠᠢ ᠭᠡᠵᠦ ᠬᠦᠰᠡᠶ᠎ᠡ᠃ ᠲᠡᠮᠡᠴᠡᠭᠡᠨ ᠢ ᠵᠣᠬᠢᠶᠠᠨ ᠪᠠᠢᠢᠭᠤᠯᠵᠤ ᠪᠠᠢᠢᠭ᠎ᠠ ᠬᠣᠯᠪᠣᠭᠠᠨ ᠤ ᠳᠡᠳ᠋ ᠶᠡᠷᠦᠩᠬᠡᠢᠢᠯᠡᠭᠴᠢ ᠨᠠᠷ᠂ ᠲᠡᠮᠡᠴᠡᠭᠡᠨ ᠳᠥ ᠣᠷᠣᠯᠴᠠᠵᠤ ᠪᠠᠢᠢᠭ᠎ᠠ ᠪᠦᠷᠢᠯᠳᠦᠬᠦᠨ ᠳᠥ ᠳᠠᠬᠢᠨ ᠪᠠᠶᠠᠷ ᠬᠦᠷᠭᠡᠶ᠎ᠡ᠃ ᠲᠡᠮᠡᠴᠡᠭᠡᠨ ᠠᠮᠵᠢᠯᠲᠠᠲᠠᠢ ᠪᠣᠯᠤᠨ᠎ᠠ ᠭᠡᠳᠡᠭ ᠲᠥ ᠢᠲᠡᠭᠡᠯ ᠲᠡᠢ ᠪᠠᠢᠢᠨ᠎ᠠ》 ᠭᠡᠪᠡ᠃
ᠥᠨᠥᠳᠥᠷ ᠢ ᠬᠦᠷᠲᠡᠯ᠎ᠡ ᠰᠠᠮᠪᠣ ᠪᠥᠬᠡ ᠢᠢᠨ ᠳᠡᠯᠡᠬᠡᠢ ᠢᠢᠨ ᠠᠪᠤᠷᠭᠤ 37 ᠲᠥᠷᠦᠭᠰᠡᠨ ᠦ ᠨᠢᠭᠡ ᠨᠢ ᠮᠣᠩᠭ᠋ᠤᠯ ᠤᠯᠤᠰ ᠤᠨ ᠶᠡᠷᠦᠩᠬᠡᠢᠢᠯᠡᠭᠴᠢ ᠬᠠ᠂ᠪᠠᠲᠤᠲᠤᠯᠭ᠎ᠠ ᠪᠥᠭᠡᠳ ᠲᠡᠷᠡᠪᠡᠷ 1983 ᠣᠨ ᠳᠤ ᠦᠺᠷᠠᠢᠢᠨ ᠤ ᠺᠢᠶᠠᠪ ᠬᠣᠲᠠ ᠳᠤ ᠵᠣᠬᠢᠶᠠᠨ ᠪᠠᠢᠢᠭᠤᠯᠤᠭᠳᠠᠭᠰᠠᠨ ᠰᠠᠮᠪᠣ ᠪᠥᠬᠡ ᠢᠢᠨ ᠳᠡᠯᠡᠬᠡᠢ ᠢᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠳᠥ ᠣᠷᠣᠯᠴᠠᠵᠤ᠂ ᠲᠦᠷᠦᠭᠦᠯᠡᠭᠰᠡᠨ ᠶᠤᠮ᠃ ᠮᠥᠨ 1986 ᠪᠣᠯᠤᠨ 1990 ᠣᠨ ᠳᠤ ᠰᠠᠮᠪᠣ ᠪᠥᠬᠡ ᠢᠢᠨ ᠳᠡᠯᠡᠬᠡᠢ ᠢᠢᠨ ᠠᠪᠤᠷᠭᠤ ᠰᠢᠯᠭᠠᠷᠠᠭᠤᠯᠬᠤ ᠲᠡᠮᠡᠴᠡᠭᠡᠨ ᠡᠴᠡ ᠮᠥᠩᠭᠥᠨ ᠮᠧᠳᠠᠯ ᠬᠦᠷᠲᠡᠵᠦ ᠪᠠᠢᠢᠭᠰᠠᠨ ᠶᠤᠮ᠃ ᠡᠨᠡ ᠲᠥᠷᠦᠯ ᠡᠴᠡ 37 ᠳᠡᠯᠡᠬᠡᠢ ᠢᠢᠨ ᠠᠪᠤᠷᠭᠤ ᠲᠦᠷᠦᠭᠰᠡᠨ ᠨᠢ ᠮᠣᠩᠭ᠋ᠤᠯ ᠤᠯᠤᠰ ᠲᠤ ᠬᠥᠭ᠍ᠵᠢᠵᠦ ᠪᠠᠢᠢᠭ᠎ᠠ ᠰᠫᠣᠷᠲ ᠤᠨ ᠪᠦᠬᠦ ᠲᠥᠷᠦᠯ ᠡᠴᠡ ᠬᠠᠮᠤᠭ ᠤᠨ ᠥᠨᠳᠦᠷ ᠦᠵᠡᠭᠦᠯᠦᠯᠲᠡ ᠪᠥᠭᠡᠳ 52 ᠲᠠᠮᠢᠷᠴᠢᠨ᠂ ᠳᠠᠰᠬᠠᠯᠵᠢᠭᠤᠯᠤᠭᠴᠢ ᠡᠨᠡ ᠰᠫᠣᠷᠲ ᠠᠴᠠ ᠭᠠᠪᠢᠶᠠᠲᠤ ᠴᠣᠯᠠ ᠬᠦᠷᠲᠡᠵᠦ ᠪᠠᠢᠢᠵᠠᠢ᠃