Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠲᠡᠮᠦᠷ ᠵᠠᠮ ᠤᠨ ᠪᠦᠲᠦᠭᠡᠨ ᠪᠠᠢᠢᠭᠤᠯᠤᠯᠲᠠ ᠢᠢᠨ ᠠᠵᠢᠯ ᠲᠠᠢ ᠲᠠᠨᠢᠯᠴᠠᠯ᠎ᠠ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠥᠩᠭᠡᠷᠡᠭᠰᠡᠨ ᠠᠮᠠᠷᠠᠯᠲᠠ ᠢᠢᠨ ᠡᠳᠦᠷ ᠦᠳ ᠲᠥ ᠳᠣᠷᠣᠨᠠᠭᠣᠪᠢ᠂ ᠡᠮᠦᠨᠡᠭᠣᠪᠢ ᠠᠢᠢᠮᠠᠭ ᠲᠤ ᠠᠵᠢᠯᠯᠠᠵᠤ᠂ ᠵᠡᠭᠦᠨᠪᠠᠶᠠᠨ-ᠲᠠᠪᠤᠨᠲᠣᠯᠣᠭᠠᠢ ᠴᠢᠭᠯᠡᠯ ᠦᠨ 414.6 ᠺᠢᠯᠣᠮᠧᠲ᠋ᠷ᠂ ᠲᠠᠪᠤᠨᠲᠣᠯᠣᠭᠠᠢ-ᠭᠠᠰᠢᠭᠤᠨ ᠰᠤᠬᠠᠢᠢᠳᠤ ᠴᠢᠭᠯᠡᠯ ᠦᠨ 240 ᠺᠢᠯᠣᠮᠧᠲ᠋ᠷ ᠲᠡᠮᠦᠷ ᠵᠠᠮ ᠤᠨ ᠲᠷᠠᠰ ᠤᠨ ᠳᠠᠭᠠᠭᠤ ᠪᠦᠲᠦᠭᠡᠨ ᠪᠠᠢᠢᠭᠤᠯᠤᠯᠲᠠ ᠢᠢᠨ ᠠᠵᠢᠯ ᠤᠨ ᠶᠠᠪᠤᠴᠠ ᠲᠠᠢ ᠲᠠᠨᠢᠯᠴᠠᠯ᠎ᠠ᠃

ᠳᠡᠯᠡᠬᠡᠢ ᠳᠠᠬᠢᠨ ᠢ ᠬᠠᠮᠤᠷᠤᠭᠰᠠᠨ ᠺᠣᠷᠤᠨᠠᠸᠢᠷᠦ᠋ᠰᠲᠦ ᠴᠠᠷ᠎ᠠ ᠲᠠᠬᠤᠯ ᠤᠨ ᠤᠯᠠᠮ ᠠᠴᠠ ᠮᠣᠩ᠋ᠭᠣᠯ ᠤᠯᠤᠰ ᠬᠢᠯᠢ ᠪᠡᠨ ᠬᠠᠭᠠᠭᠠᠳ ᠭᠤᠷᠪᠠᠨ ᠰᠠᠷ᠎ᠠ ᠪᠣᠯᠵᠤ ᠪᠤᠢ ᠬᠡᠳᠦᠢ ᠴᠤ ᠲᠡᠮᠦᠷ ᠵᠠᠮ ᠤᠨ ᠪᠦᠲᠦᠭᠡᠨ ᠪᠠᠢᠢᠭᠤᠯᠤᠯᠲᠠ ᠢᠢᠨ ᠠᠵᠢᠯ ᠡᠷᠴᠢᠮᠲᠡᠢ ᠥᠷᠨᠢᠵᠦ ᠪᠠᠢᠢᠨ᠎ᠠ᠃ ᠲᠡᠮᠦᠷ ᠵᠠᠮ ᠤᠨ ᠪᠦᠲᠦᠭᠡᠨ ᠪᠠᠢᠢᠭᠤᠯᠤᠯᠲᠠ ᠢᠢ ᠳᠣᠲᠣᠭᠠᠳᠤ ᠢᠢᠨ ᠪᠣᠯᠪᠠᠰᠤᠨ ᠬᠦᠴᠦᠨ᠂ ᠦᠢᠯᠡᠳᠪᠦᠷᠢᠯᠡᠯ᠂ ᠨᠥᠭᠡᠴᠡ ᠪᠣᠯᠤᠯᠴᠠᠭᠠᠨ ᠳᠤ ᠲᠦᠰᠢᠭᠯᠡᠨ ᠶᠠᠪᠤᠭᠤᠯᠵᠤ ᠪᠤᠢ ᠤᠴᠢᠷ ᠠᠴᠠ ᠠᠵᠢᠯ ᠰᠠᠭᠠᠳ ᠦᠭᠡᠢ ᠦᠷᠭᠦᠯᠵᠢᠯᠡᠵᠦ ᠪᠠᠢᠢᠭ᠎ᠠ ᠶᠤᠮ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢ ᠪᠠᠲᠤᠯᠠᠨ ᠬᠠᠮᠠᠭᠠᠯᠠᠬᠤ ᠢᠢᠨ ᠰᠠᠢᠢᠳ ᠨ ∙ ᠡᠩᠬᠡᠪᠣᠯᠤᠳ᠂ ᠵᠠᠮ᠂ ᠲᠡᠭᠡᠭᠡᠪᠦᠷᠢ ᠢᠢᠨ ᠬᠥᠭ᠍ᠵᠢᠯ ᠦᠨ ᠰᠠᠢᠢᠳ ᠪ ∙ ᠡᠩᠬᠡ-ᠠᠮᠤᠭᠤᠯᠠᠩ᠂ ᠤᠯᠤᠰ ᠤᠨ ᠶᠡᠬᠡ ᠬᠤᠷᠠᠯ ᠢᠢᠨ ᠭᠡᠰᠢᠭᠦᠨ ᠪ ∙ ᠳᠡᠯᠭᠡᠷᠰᠠᠢᠢᠬᠠᠨ᠂ ᠤᠯᠤᠰ ᠤᠨ ᠶᠡᠬᠡ ᠬᠤᠷᠠᠯ ᠢᠢᠨ ᠭᠡᠰᠢᠭᠦᠨ᠂ ᠲᠥᠰᠥᠪ ᠦᠨ ᠪᠠᠢᠢᠩ᠋ᠭᠤ ᠢᠢᠨ ᠬᠣᠷᠢᠶᠠᠨ ᠤ ᠳᠠᠷᠤᠭ᠎ᠠ ᠪ ∙ ᠴᠣᠢᠢᠵᠢᠯᠰᠦ᠋ᠷᠦᠩ᠂ ᠵᠡᠪᠰᠡᠭᠲᠦ ᠬᠦᠴᠦᠨ ᠦ ᠵᠠᠩᠵᠤᠨ ᠱᠲ᠋ᠠᠪ ᠦᠨ ᠳᠠᠷᠤᠭ᠎ᠠ᠂ ᠬᠣᠰᠢᠭᠤᠴᠢ ᠭᠧᠨᠧᠷᠠᠯ ᠲ ∙ ᠭᠠᠩᠵᠣᠷᠢᠭ ᠪᠣᠯᠤᠨ ᠪᠤᠰᠤᠳ ᠠᠯᠪᠠᠨ ᠤ ᠬᠦᠮᠦᠰ ᠳᠠᠭᠠᠯᠳᠤᠨ ᠠᠵᠢᠯᠯᠠᠪᠠ᠃