Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠣᠯᠠᠨ ᠤᠯᠤᠰ ᠤᠨ ᠬᠡᠦᠬᠡᠳ ᠦᠨ ᠡᠷᠬᠡ ᠢᠢ ᠬᠠᠮᠠᠭᠠᠯᠠᠬᠤ ᠡᠳᠦᠷ ᠦᠨ ᠪᠠᠶᠠᠷ ᠤᠨ ᠮᠡᠨᠳᠦᠴᠢᠯᠡᠭᠡ ᠳᠡᠪᠰᠢᠭᠦᠯᠦᠯ᠎ᠡ

ᠮᠣᠩ᠋ᠭᠣᠯ  ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠣᠯᠠᠨ ᠤᠯᠤᠰ ᠤᠨ ᠬᠡᠦᠬᠡᠳ ᠦᠨ ᠡᠷᠬᠡ ᠢᠢ ᠬᠠᠮᠠᠭᠠᠯᠠᠬᠤ ᠡᠳᠦᠷ ᠦᠨ ᠮᠡᠨᠳᠦᠴᠢᠯᠡᠭᠡ ᠳᠡᠪᠰᠢᠭᠦᠯᠦᠯ᠎ᠡ᠃

ᠮᠣᠩ᠋ᠭᠣᠯ  ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠢᠢᠨ ᠮᠡᠨᠳᠦᠴᠢᠯᠡᠭᠡᠨ ᠳᠥ᠄

《ᠮᠣᠩ᠋ᠭᠣᠯ  ᠡᠬᠡ ᠣᠷᠣᠨ ᠤ ᠪᠠᠨ ᠢᠷᠡᠭᠡᠳᠦᠢ ᠢᠢ ᠳᠠᠷᠬᠠᠯᠠᠨ ᠪᠦᠲᠦᠭᠡᠬᠦ ᠬᠡᠦᠬᠡᠳ ᠪᠠᠭᠠᠴᠤᠳ ᠲᠤ ᠪᠠᠨ ᠣᠯᠠᠨ ᠤᠯᠤᠰ ᠤᠨ ᠬᠡᠦᠬᠡᠳ ᠦᠨ ᠡᠷᠬᠡ ᠢᠢ ᠬᠠᠮᠠᠭᠠᠯᠠᠬᠤ ᠡᠳᠦᠷ ᠦᠨ ᠮᠡᠨᠳᠦ ᠢᠢ ᠬᠦᠷᠭᠡᠶ᠎ᠡ᠃

ᠬᠡᠦᠬᠡᠳ᠂ ᠪᠠᠭᠠᠴᠤᠳ ᠲᠠ ᠪᠦᠬᠦᠨ ᠡᠴᠡ ᠡᠬᠡ ᠣᠷᠣᠨ ᠡᠬᠢᠯᠡᠳᠡᠭ ᠶᠤᠮ ᠠ᠋᠃

ᠠᠪᠤ ᠡᠵᠢ ᠳᠥ ᠪᠡᠨ ᠠᠴᠢᠯᠠᠯ ᠲᠠᠢ᠂ ᠨᠠᠢᠢᠵᠠ ᠨᠥᠬᠥᠳ᠂ ᠠᠬ᠎ᠠ ᠳᠡᠭᠦᠰ ᠲᠥ ᠪᠡᠨ ᠡᠨᠡᠷᠢᠯ᠂ ᠲᠤᠰᠠᠲᠠᠢ ᠪᠠᠢᠢᠪᠠᠯ ᠡᠬᠡ ᠣᠷᠣᠨ ᠤ ᠢᠷᠡᠭᠡᠳᠦᠢ ᠲᠡᠷᠡ ᠬᠢᠷᠢ ᠪᠡᠷ ᠭᠡᠷᠡᠯ ᠭᠡᠭᠡ ᠲᠡᠢ ᠪᠠᠢᠢᠬᠤ ᠪᠣᠯᠤᠨ᠎ᠠ᠃

ᠲᠣᠮᠣᠴᠤᠳ ᠪᠢᠳᠡᠨ ᠦ ᠬᠠᠢᠢᠬᠤᠷᠤᠮᠵᠢ ᠦᠭᠡᠢ᠂ ᠬᠠᠷᠢᠭᠤᠴᠠᠯᠭ᠎ᠠ ᠦᠭᠡᠢ᠂ ᠪᠣᠯᠭᠣᠮᠵᠢ ᠦᠭᠡᠢ ᠬᠠᠨᠳᠤᠯᠭ᠎ᠠ ᠠᠴᠠ ᠪᠣᠯᠵᠤ ᠡᠩᠬᠦᠷᠡᠢ ᠪᠢᠴᠢᠬᠠᠨ ᠦᠷᠡᠰ ᠮᠠᠨᠢ ᠡᠨᠳᠡᠬᠦ᠂ ᠬᠣᠬᠢᠷᠠᠬᠤ ᠶᠠᠪᠤᠳᠠᠯ ᠤᠳᠠᠭ᠎ᠠ ᠳᠠᠷᠠᠭ᠎ᠠ ᠭᠠᠷᠴᠤ ᠪᠠᠢᠢᠭᠠᠳ ᠮᠣᠩ᠋ᠭᠣᠯ  ᠤᠨ ᠢᠢᠠᠨ ᠢᠷᠡᠭᠡᠳᠦᠢ ᠡᠴᠡ ᠠᠭᠤᠴᠢᠯᠠᠯ ᠬᠦᠰᠡᠵᠦ ᠪᠠᠢᠢᠨ᠎ᠠ᠃

ᠪᠢᠳᠡ ᠲᠠ ᠪᠦᠬᠦᠨ ᠦ ᠪᠡᠨ ᠲᠥᠯᠥᠭᠡ ᠠᠯᠳᠠᠭ᠎ᠠ ᠢᠢ ᠪᠠᠨ ᠵᠠᠰᠠᠵᠤ᠂ ᠱᠠᠭᠠᠷᠳᠠᠯᠭ᠎ᠠ ᠲᠠᠢ ᠪᠦᠬᠦᠨ ᠢ ᠬᠢᠬᠦ ᠢᠢᠨ ᠲᠥᠯᠥᠭᠡ ᠬᠢᠴᠢᠶᠡᠨ ᠠᠵᠢᠯᠯᠠᠬᠤ ᠪᠣᠯᠤᠨ᠎ᠠ᠃

ᠳᠡᠯᠡᠬᠡᠢ ᠳᠠᠶᠠᠭᠠᠷ ᠲᠠᠷᠬᠠᠭᠰᠠᠨ ᠠᠶᠤᠯᠲᠤ ᠡᠪᠡᠳᠴᠢᠨ ᠦ ᠦᠶ᠎ᠡ ᠳᠥ ᠬᠥᠯ ᠬᠣᠷᠢᠭ᠎ᠠ ᠪᠠᠨ ᠴᠢᠩᠳᠠ ᠰᠠᠬᠢᠵᠤ᠂ ᠡᠴᠢᠭᠡ ᠡᠬᠡ᠂ ᠪᠠᠭᠰᠢ ᠨᠠᠷ ᠤᠨ ᠢᠶᠠᠨ ᠦᠭᠡᠨ ᠳᠥ ᠰᠠᠢᠢᠨ ᠣᠷᠣᠵᠤ᠂ ᠴᠠᠬᠢᠮ ᠬᠢᠴᠢᠶᠡᠯ ᠨᠣᠮ ᠳᠤ ᠪᠠᠨ ᠰᠢᠮᠳᠠᠨ ᠰᠤᠷᠴᠤ᠂ ᠭᠠᠷ ᠢᠶᠠᠨ ᠰᠠᠢᠢᠨ ᠤᠭᠢᠶᠠᠵᠤ᠂ ᠠᠮᠠᠨ ᠤ ᠬᠠᠭᠠᠯᠲᠠ ᠪᠠᠨ ᠪᠠᠢᠢᠩ᠋ᠭᠤ ᠵᠡᠭᠦᠵᠦ ᠪᠠᠢᠢᠭ᠎ᠠ ᠬᠡᠦᠬᠡᠳ ᠪᠠᠭᠠᠴᠤᠳ ᠲᠤ ᠪᠠᠨ ᠪᠠᠶᠠᠷᠯᠠᠯ᠎ᠠ᠃

ᠮᠣᠩ᠋ᠭᠣᠯ  ᠤᠨ ᠪᠦᠬᠦ ᠬᠡᠦᠬᠡᠳ ᠠᠪᠢᠶᠠᠰ ᠲᠠᠢ᠃ ᠡᠢᠢᠮᠦ ᠳᠥ ᠡᠬᠡ ᠣᠷᠣᠨ ᠤ ᠳᠥᠷᠪᠡᠨ ᠵᠦᠭ᠂ ᠨᠠᠢᠢᠮᠠᠨ ᠵᠣᠪᠬᠢᠰ ᠲᠤ ᠠᠮᠢᠳᠤᠷᠠᠨ ᠰᠠᠭᠤᠭ᠎ᠠ ᠰᠠᠶ᠎ᠠ ᠭᠠᠷᠤᠢ ᠬᠡᠦᠬᠡᠳ ᠦᠨ ᠳᠤᠮᠳᠠ 《ᠡᠬᠡ ᠣᠷᠣᠨ ᠬᠡᠦᠬᠡᠳ ᠦᠳ ᠡᠴᠡ ᠡᠬᠢᠯᠡᠳᠡᠭ》 ᠰᠡᠳᠦᠪᠲᠦ ᠵᠣᠬᠢᠶᠠᠨ ᠪᠢᠴᠢᠯᠭᠡ ᠪᠣᠯᠤᠨ ᠭᠠᠷ ᠵᠢᠷᠤᠭ ᠤᠨ ᠤᠷᠤᠯᠳᠤᠭᠠᠨ ᠢ 4 ᠨᠠᠰᠤᠨ ᠤ ᠠᠩᠭᠢᠯᠠᠯ ᠢᠶᠠᠷ ᠵᠠᠷᠯᠠᠵᠤ ᠪᠠᠢᠢᠨ᠎ᠠ᠃

ᠬᠡᠦᠬᠡᠳ ᠦᠳ ᠢᠶᠡᠨ ᠤᠷᠤᠯᠳᠤᠭᠠᠨ ᠳᠤ ᠢᠳᠡᠪᠬᠢᠲᠡᠢ ᠣᠷᠣᠯᠴᠠᠭᠠᠷᠠᠢ᠃

ᠮᠥᠩᠬᠡ ᠲᠩᠷᠢ ᠢᠢᠨ ᠢᠪᠡᠭᠡᠯ ᠢᠶᠡᠷ ᠮᠣᠩ᠋ᠭᠣᠯ  ᠤᠨ ᠲᠠᠯ᠎ᠠ ᠨᠤᠲᠤᠭ ᠲᠤ ᠮᠣᠩ᠋ᠭᠣᠯ  ᠦᠷᠡᠰ ᠢᠨᠢᠶᠡᠳᠦ ᠪᠠᠶᠠᠰᠤᠯ᠂ ᠠᠵᠠ ᠵᠢᠷᠭᠠᠯ ᠢᠶᠠᠷ ᠳᠦᠭᠦᠷᠡᠩ ᠪᠠᠢᠢᠬᠤ ᠪᠣᠯᠲᠤᠭᠠᠢ》 ᠭᠡᠵᠡᠢ᠃