Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠪᠤᠷᠬᠠᠨ ᠪᠠᠭᠰᠢ ᠢᠢᠨ ᠶᠡᠬᠡ ᠳᠦᠢᠴᠢᠨ ᠡᠳᠦᠷ ᠢ ᠲᠣᠬᠢᠶᠠᠯᠳᠤᠭᠤᠯᠤᠨ ᠢᠯᠡᠭᠡᠯᠲᠡ ᠭᠠᠷᠭᠠᠯ᠎ᠠ

ᠪᠤᠷᠬᠠᠨ ᠪᠠᠭᠰᠢ ᠢᠢᠨ ᠶᠡᠬᠡ ᠳᠦᠢᠴᠢᠨ ᠡᠳᠦᠷ ᠢ ᠨᠡᠢᠢᠲᠡ ᠪᠡᠷ ᠲᠡᠮᠳᠡᠭᠯᠡᠬᠦ ᠪᠠᠶᠠᠷ ᠤᠨ ᠡᠳᠦᠷ ᠪᠣᠯᠭᠠᠨ ᠬᠠᠤᠯᠢᠴᠢᠯᠠᠭᠰᠠᠨ ᠠᠴᠠ ᠬᠣᠢᠢᠰᠢ ᠠᠩᠬ᠎ᠠ ᠤᠳᠠᠭ᠎ᠠ ᠥᠨᠥᠳᠥᠷ ᠶᠣᠰᠣᠯᠠᠨ ᠲᠡᠮᠳᠡᠭᠯᠡᠵᠦ ᠪᠤᠢ ᠲᠠᠢ ᠬᠣᠯᠪᠣᠭᠳᠠᠭᠤᠯᠤᠨ ᠮᠣᠩ᠋ᠭᠣᠯ  ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠢᠯᠡᠭᠡᠯᠲᠡ ᠭᠠᠷᠭᠠᠯ᠎ᠠ᠃

ᠮᠣᠩ᠋ᠭᠣᠯ  ᠤᠯᠤᠰ ᠤᠨ ᠶᠡᠷᠦᠩᠬᠡᠢᠢᠯᠡᠭᠴᠢ ᠢᠢᠨ ᠢᠯᠡᠭᠡᠯᠲᠡ ᠢᠢ ᠮᠣᠩ᠋ᠭᠣᠯ  ᠤᠨ ᠪᠤᠷᠬᠠᠨ ᠱᠠᠰᠢᠨᠲᠠᠨ ᠤ ᠲᠥᠪ ᠭᠠᠩᠳᠠᠩᠳᠡᠭᠴᠡᠨᠯᠢᠩ ᠬᠡᠢᠢᠳ ᠦᠨ ᠪᠠᠲᠤᠴᠠᠭᠠᠨ ᠳᠤᠭᠠᠩ ᠳᠤ ᠥᠨᠥᠳᠥᠷ ᠪᠣᠯᠤᠭᠰᠠᠨ ᠪᠤᠷᠬᠠᠨ ᠪᠠᠭᠰᠢ ᠢᠢᠨ ᠶᠡᠬᠡ ᠳᠦᠢᠴᠢᠨ ᠡᠳᠦᠷ ᠦᠨ ᠪᠠᠶᠠᠷ ᠤᠨ ᠶᠣᠰᠣᠯᠠᠯ ᠬᠦᠨᠳᠦᠳᠬᠡᠯ ᠦᠨ ᠦᠢᠯᠡ ᠠᠵᠢᠯᠯᠠᠭᠠᠨ ᠤ ᠦᠶ᠎ᠡ ᠪᠡᠷ ᠮᠣᠩ᠋ᠭᠣᠯ  ᠤᠯᠤᠰ ᠤᠨ ᠶᠡᠷᠦᠩᠬᠡᠢᠢᠯᠡᠭᠴᠢ ᠢᠢᠨ ᠭᠠᠳᠠᠭᠠᠳᠤ ᠪᠣᠳᠣᠯᠭ᠎ᠠ ᠢᠢᠨ ᠵᠥᠪᠯᠡᠬᠦ ᠲ ∙ ᠲᠡᠭᠰᠢᠵᠢᠷᠭᠠᠯ ᠤᠩᠰᠢᠵᠤ ᠰᠣᠨᠣᠷᠳᠠᠭᠤᠯᠤᠯ᠎ᠠ᠃

ᠮᠣᠩ᠋ᠭᠣᠯ  ᠤᠯᠤᠰ ᠤᠨ ᠶᠡᠷᠦᠩᠬᠡᠢᠢᠯᠡᠭᠴᠢ ᠢᠢᠨ ᠢᠯᠡᠭᠡᠯᠲᠡ ᠳᠥ᠄

《ᠮᠣᠩ᠋ᠭᠣᠯ  ᠤᠨ ᠠᠷᠠᠳ ᠲᠦᠮᠡᠨ᠂ ᠪᠤᠷᠬᠠᠨ ᠤ ᠱᠠᠰᠢᠨ ᠳᠤ ᠰᠦᠰᠦᠭᠲᠡᠢ ᠵᠣᠨ ᠣᠯᠠᠨ ᠳᠤ ᠪᠠᠨ ᠵᠤᠨ ᠤ ᠲᠡᠷᠢᠭᠦᠨ ᠰᠠᠷ᠎ᠠ ᠢᠢᠨ ᠰᠢᠨ᠎ᠡ ᠢᠢᠨ ᠠᠷᠪᠠᠨ ᠲᠠᠪᠤᠨ ᠤ ᠪᠡᠯᠭᠡᠲᠦ ᠰᠠᠢᠢᠨ ᠡᠳᠦᠷ᠂ ᠪᠤᠷᠬᠠᠨ ᠪᠠᠭᠰᠢ ᠢᠢᠨ ᠶᠡᠬᠡ ᠳᠦᠢᠴᠢᠨ ᠡᠳᠦᠷ ᠦᠨ ᠮᠡᠨᠳᠦ ᠢᠢ ᠳᠡᠪᠰᠢᠭᠦᠯᠦᠶ᠎ᠡ᠃

ᠮᠣᠩ᠋ᠭᠣᠯᠴᠤᠳ ᠡᠷᠲᠡᠨ ᠡᠴᠡ ᠨᠣᠮᠲᠤ ᠲᠥᠷᠦ ᠢᠢᠨ ᠬᠣᠣᠰ ᠶᠣᠰᠣᠨ ᠤ ᠤᠯᠠᠮᠵᠢᠯᠠᠯᠲᠤ ᠪᠣᠳᠣᠯᠭ᠎ᠠ ᠪᠠᠷ ᠤᠯᠤᠰ ᠣᠷᠣᠨ ᠢᠶᠠᠨ ᠤᠳᠤᠷᠢᠳᠤᠨ ᠵᠠᠯᠠᠵᠤ᠂ ᠠᠷᠠᠳ ᠤᠨ ᠰᠡᠳᠬᠢᠯ ᠢ ᠠᠮᠤᠷ ᠠᠮᠤᠭᠤᠯᠠᠩ ᠪᠣᠯᠭᠠᠵᠤ᠂ ᠲᠥᠷᠦ ᠢᠢᠨ ᠶᠣᠰᠣ ᠢᠢ ᠲᠥᠪᠰᠢᠳᠬᠡᠵᠦ ᠢᠷᠡᠭᠰᠡᠨ᠃ ᠵᠠᠭᠤᠨ ᠵᠢᠯ ᠦᠨ ᠲᠡᠷᠲᠡᠭᠡ ᠡᠷᠬᠡ ᠴᠢᠯᠦᠭᠡ᠂ ᠲᠤᠰᠠᠭᠠᠷ ᠲᠣᠭᠲᠠᠨᠢᠯ ᠢᠶᠠᠨ ᠰᠡᠷᠭᠦᠭᠡᠨ ᠮᠠᠨᠳᠤᠭᠤᠯᠬᠤ ᠳᠤ ᠪᠠᠨ ᠡᠨᠡ ᠶᠣᠰᠣᠭᠠᠷ ᠱᠠᠰᠢᠨ᠂ ᠲᠥᠷᠥ ᠢᠢ ᠬᠣᠣᠰᠯᠠᠨ ᠪᠠᠷᠢᠭᠴᠢ ᠤᠯᠤᠰ ᠤᠨ ᠡᠵᠡᠨ ᠬᠠᠭᠠᠨ ᠲᠠᠢ ᠴᠤ ᠪᠠᠢᠢᠵᠤ ᠦᠵᠡᠭᠰᠡᠨ᠃ ᠡᠨᠡ ᠤᠯᠠᠮᠵᠢᠯᠠᠯ ᠢ ᠬᠠᠳᠠᠭᠠᠯᠠᠵᠤ᠂ 1992 ᠣᠨ ᠳᠤ ᠪᠠᠲᠤᠯᠠᠭᠳᠠᠭᠰᠠᠨ ᠮᠣᠩ᠋ᠭᠣᠯ  ᠤᠯᠤᠰ ᠤᠨ ᠠᠷᠠᠳᠴᠢᠯᠠᠭᠰᠠᠨ ᠰᠢᠨ᠎ᠡ ᠦᠨᠳᠦᠰᠦᠨ ᠬᠠᠤᠯᠢ ᠳᠤ ᠲᠥᠷᠦ ᠨᠢ ᠱᠠᠰᠢᠨ ᠢᠶᠠᠨ ᠬᠦᠨᠳᠦᠳᠬᠡᠵᠦ᠂ ᠱᠠᠰᠢᠨ ᠨᠢ ᠲᠥᠷᠦ ᠪᠡᠨ ᠳᠡᠭᠡᠳᠦᠯᠡᠨ᠎ᠡ ᠭᠡᠵᠦ ᠵᠢᠭᠠᠭᠰᠠᠨ᠃

ᠮᠣᠩ᠋ᠭᠣᠯ  ᠤᠨ ᠲᠤᠯᠭᠤᠷ ᠲᠥᠷᠦ ᠾᠢᠦᠩᠨᠦ ᠭᠦᠷᠦᠨ ᠦ ᠦᠶ᠎ᠡ ᠡᠴᠡ ᠡᠬᠢᠯᠡᠨ ᠭᠤᠷᠪᠠᠨᠲᠠ ᠳᠡᠯᠭᠡᠷᠡᠭᠰᠡᠨ ᠪᠤᠷᠬᠠᠨ ᠤ ᠱᠠᠰᠢᠨ ᠪᠣᠯ ᠮᠣᠩ᠋ᠭᠣᠯᠴᠤᠳ ᠤᠨ ᠬᠡᠳᠦᠨ ᠵᠠᠭᠤ᠂ ᠮᠢᠩ᠋ᠭᠠᠨ ᠵᠢᠯ ᠦᠨ ᠲᠡᠦᠬᠡ ᠰᠣᠶᠣᠯ ᠳᠤ ᠨᠡᠪᠲᠡ ᠰᠢᠩᠭᠡᠵᠦ᠂ ᠡᠷᠭᠢᠭᠡᠳ ᠲᠡᠭᠦᠨ ᠢ ᠪᠡᠨ ᠪᠦᠲᠦᠭᠡᠨ ᠲᠡᠳᠬᠦᠵᠦ ᠢᠷᠡᠭᠰᠡᠨ ᠣᠶᠤᠨ ᠰᠠᠨᠠᠭᠠᠨ ᠤ ᠳᠠᠷᠬᠠᠯᠠᠭ᠎ᠠ᠂ ᠤᠯᠠᠮᠵᠢᠯᠠᠯᠲᠤ ᠱᠠᠰᠢᠨ ᠮᠥᠨ ᠪᠢᠯᠡ᠃ ᠡᠢᠢᠮᠦ ᠴᠤ ᠤᠴᠢᠷ ᠠᠴᠠ ᠠᠷᠠᠳ ᠲᠦᠮᠡᠨ ᠦ ᠣᠶᠤᠨ ᠤ ᠳᠠᠷᠬᠠᠯᠠᠭ᠎ᠠ ᠢᠢ ᠬᠠᠮᠠᠭᠠᠯᠠᠵᠤ ᠪᠠᠢᠢᠬᠤ ᠨᠢ ᠤᠯᠤᠰ ᠦᠨᠳᠦᠰᠦᠲᠡᠨ ᠦ ᠠᠶᠤᠯ ᠦᠭᠡᠢ ᠪᠠᠢᠢᠳᠠᠯ ᠳᠤ ᠠᠮᠢᠨ ᠴᠢᠬᠤᠯᠠ ᠪᠣᠯᠬᠤ ᠲᠠᠯ᠎ᠠ ᠪᠠᠷ ᠮᠣᠩ᠋ᠭᠣᠯ  ᠤᠯᠤᠰ ᠤᠨ ᠦᠨᠳᠦᠰᠦᠨ ᠦ ᠠᠶᠤᠯ ᠦᠭᠡᠢ ᠪᠠᠢᠢᠳᠠᠯ ᠤᠨ ᠦᠵᠡᠯ ᠪᠠᠷᠢᠮᠲᠠᠯᠠᠯ ᠳᠤ ᠰᠣᠶᠣᠯ ᠢᠷᠭᠡᠨᠰᠢᠯ ᠦᠨ ᠠᠶᠤᠯ ᠦᠭᠡᠢ ᠪᠠᠢᠢᠳᠠᠯ ᠢ ᠬᠠᠩ᠋ᠭᠠᠬᠤ ᠬᠦᠷᠢᠶᠡᠨ ᠳᠥ ᠤᠯᠠᠮᠵᠢᠯᠠᠯᠲᠤ ᠪᠤᠷᠬᠠᠨ ᠤ ᠱᠠᠰᠢᠨ᠂ ᠰᠣᠶᠣᠯ ᠢ ᠰᠡᠷᠭᠦᠭᠡᠨ ᠬᠥᠭ᠍ᠵᠢᠭᠦᠯᠵᠦ᠂ ᠰᠦᠮ᠎ᠡ ᠬᠡᠢᠢᠳ ᠦᠨ ᠦᠢᠯᠡ ᠠᠵᠢᠯᠯᠠᠭ᠎ᠠ ᠢᠢ ᠨᠡᠢᠢᠭᠡᠮ ᠦᠨ ᠣᠶᠤᠨ ᠰᠠᠨᠠᠭ᠎ᠠ ᠢᠢ ᠭᠡᠭᠡᠷᠡᠭᠦᠯᠬᠦ᠂ ᠦᠨᠳᠦᠰᠦᠨ ᠦ ᠡᠪ ᠨᠢᠭᠡᠳᠦᠯ ᠢ ᠪᠡᠬᠢᠵᠢᠭᠦᠯᠬᠦ᠂ ᠶᠠᠳᠠᠭᠤᠷᠠᠯ ᠢ ᠪᠠᠭᠤᠷᠠᠭᠤᠯᠬᠤ᠂ ᠵᠣᠪᠠᠯᠠᠩ ᠭᠠᠮᠰᠢᠭ ᠲᠤ ᠨᠡᠷᠪᠡᠭ᠍ᠳᠡᠭᠰᠡᠨ ᠬᠦᠮᠦᠨ ᠠᠷᠠᠳ ᠲᠤ ᠲᠤᠰᠠᠯᠠᠯᠴᠠᠭ᠎ᠠ ᠦᠵᠡᠭᠦᠯᠬᠦ᠂ ᠪᠠᠢᠢᠭᠠᠯᠢ ᠣᠷᠴᠢᠨ ᠢ ᠬᠠᠮᠠᠭᠠᠯᠠᠬᠤ ᠦᠢᠯᠡᠰ ᠲᠥ ᠴᠢᠭᠯᠡᠭᠦᠯᠬᠦ ᠳᠥ ᠲᠥᠷᠦ ᠡᠴᠡ ᠠᠩ᠋ᠬᠠᠷᠴᠤ᠂ ᠳᠡᠮᠵᠢᠯᠭᠡ ᠦᠵᠡᠭᠦᠯᠬᠦ ᠪᠡᠷ ᠵᠢᠭᠠᠭᠰᠠᠨ ᠪᠢᠯᠡ᠃

ᠥᠩᠭᠡᠷᠡᠭᠰᠡᠨ ᠵᠢᠯ ᠮᠣᠩ᠋ᠭᠣᠯ  ᠤᠯᠤᠰ ᠤᠨ ᠲᠥᠷᠥ ᠵᠠᠰᠠᠭ᠂ ᠬᠠᠤᠯᠢ ᠲᠣᠭᠲᠠᠭᠠᠬᠤ ᠳᠡᠭᠡᠳᠦ ᠪᠠᠢᠢᠭᠤᠯᠤᠯᠭ᠎ᠠ ᠤᠯᠤᠰ ᠤᠨ ᠶᠡᠬᠡ ᠬᠤᠷᠠᠯ ᠠᠴᠠ ᠵᠢᠯ ᠪᠦᠷᠢ ᠢᠢᠨ ᠵᠤᠨ ᠤ ᠲᠡᠷᠢᠭᠦᠨ ᠰᠠᠷ᠎ᠠ ᠢᠢᠨ ᠰᠢᠨ᠎ᠡ ᠢᠢᠨ 15 ᠍ ᠤ ᠪᠤᠷᠬᠠᠨ ᠪᠠᠭᠰᠢ ᠢᠢᠨ ᠶᠡᠬᠡ ᠳᠦᠢᠴᠢᠨ ᠡᠳᠦᠷ ᠢ ᠨᠡᠢᠢᠲᠡ ᠪᠡᠷ ᠲᠡᠮᠳᠡᠭᠯᠡᠬᠦ ᠪᠠᠶᠠᠷ᠂ ᠠᠮᠠᠷᠠᠯᠲᠠ ᠢᠢᠨ ᠡᠳᠦᠷ ᠪᠣᠯᠭᠠᠨ ᠬᠠᠤᠯᠢᠴᠢᠯᠠᠵᠤ᠂ ᠥᠨᠥ ᠵᠢᠯ ᠡᠨᠡ ᠡᠳᠦᠷ ᠢ ᠠᠩᠬ᠎ᠠ ᠤᠳᠠᠭ᠎ᠠ ᠬᠠᠤᠯᠢ ᠢᠢᠨ ᠳᠠᠭᠠᠭᠤ ᠶᠣᠰᠣᠯᠠᠨ ᠲᠡᠮᠳᠡᠭᠯᠡᠵᠦ ᠪᠠᠢᠢᠨ᠎ᠠ᠃ ᠡᠪᠦᠭᠡ ᠳᠡᠭᠡᠳᠦᠰ᠂ ᠥᠩᠭᠡᠷᠡᠭᠦᠯᠦᠭᠰᠡᠨ ᠲᠡᠦᠬᠡ ᠪᠡᠨ ᠳᠡᠭᠡᠳᠦᠯᠡᠳᠡᠭ᠂ ᠪᠤᠶᠠᠨ ᠨᠢᠭᠦᠯ ᠢ ᠵᠠᠭᠠᠭᠯᠠᠨ ᠢᠯᠭᠠᠬᠤ ᠤᠬᠠᠭᠠᠨ ᠢᠶᠠᠷ ᠠᠯᠳᠠᠭ᠎ᠠ ᠣᠨᠣᠭ᠎ᠠ ᠪᠠᠨ ᠰᠢᠭᠦᠨ ᠳᠡᠩᠰᠡᠯᠡᠳᠡᠭ᠂ ᠨᠠᠮᠠᠨᠴᠢᠯᠠᠳᠠᠭ᠂ ᠠᠮᠢ ᠲᠠᠢ ᠦᠷ᠎ᠡ ᠲᠡᠢ ᠪᠦᠬᠦᠨ ᠢ ᠡᠨᠡᠷᠢᠨ ᠬᠠᠢᠢᠷᠠᠯᠠᠬᠤ ᠰᠡᠳᠬᠢᠯ ᠢᠶᠡᠨ ᠬᠥᠭ᠍ᠵᠢᠭᠦᠯᠦᠨ ᠳᠠᠳᠠᠭᠤᠯᠵᠤ᠂ ᠰᠠᠢᠢᠨ ᠦᠢᠯᠡᠰ ᠲᠥ ᠰᠢᠮᠳᠠᠳᠠᠭ ᠨᠢᠭᠡᠨ ᠡᠳᠦᠷ ᠢ ᠪᠦᠬᠦ ᠨᠡᠢᠢᠲᠡ ᠪᠡᠷ ᠢᠶᠡᠨ ᠶᠣᠰᠣ ᠰᠤᠷᠲᠠᠬᠤᠨ ᠢ ᠡᠷᠬᠢᠮᠯᠡᠭᠰᠡᠨ ᠡᠳᠦᠷ ᠪᠣᠯᠭᠠᠵᠤ᠂ ᠲᠡᠮᠳᠡᠭᠯᠡᠨ ᠥᠩᠭᠡᠷᠡᠭᠦᠯᠵᠦ ᠪᠠᠢᠢᠭ᠎ᠠ ᠳᠤ ᠪᠠᠶᠠᠷᠲᠠᠢ ᠪᠠᠢᠢᠨ᠎ᠠ᠃

ᠬᠦᠮᠦᠨ ᠥᠪᠡᠷ ᠢᠶᠡᠨ ᠲᠡᠭᠦᠰ ᠲᠡᠭᠦᠯᠳᠡᠷ ᠪᠣᠯᠬᠤ ᠵᠠᠮ ᠮᠥᠷ ᠲᠥ ᠰᠤᠷᠤᠯᠴᠠᠵᠤ᠂ ᠠᠪᠤᠷᠠᠯ᠂ ᠠᠷᠢᠭᠤᠰᠤᠯ ᠢ ᠭᠠᠳᠠᠨ᠎ᠠ ᠢᠢᠨ ᠬᠡᠨ ᠨᠢᠭᠡᠨ ᠡᠴᠡ ᠪᠤᠰᠤ᠂ ᠬᠠᠷᠢᠨ ᠥᠪᠡᠷ ᠡᠴᠡ ᠪᠡᠨ ᠡᠷᠢᠵᠦ ᠬᠠᠢᠢᠵᠤ᠂ ᠣᠯᠵᠤ ᠭᠡᠭᠡᠷᠡᠳᠡᠭ ᠨᠢ ᠪᠤᠳ᠋ᠳ᠋ᠾᠠ ᠢᠢᠨ ᠱᠠᠰᠢᠨᠲᠠᠨ ᠤ ᠬᠤᠪᠢ ᠳᠤ ᠬᠠᠮᠤᠭ ᠤᠨ ᠦᠨᠡᠲᠦ ᠣᠯᠤᠯᠲᠠ ᠶᠤᠮ᠃ ᠣᠷᠴᠢᠯᠠᠩ ᠤᠨ ᠴᠠᠭ ᠤᠨ ᠬᠦᠷᠳᠦ ᠡᠷᠭᠢᠯᠳᠦᠵᠦ ᠣᠨ ᠴᠠᠭ ᠠᠯᠤᠰᠷᠠᠬᠤ ᠲᠤᠰᠤᠮ ᠪᠤᠳ᠋ᠳ᠋ᠾᠠ ᠢᠢᠨ ᠱᠠᠰᠢᠨ ᠤ ᠰᠢᠨᠵᠢᠯᠡᠬᠦ ᠤᠬᠠᠭᠠᠨᠴᠢ ᠬᠠᠨᠳᠤᠯᠭ᠎ᠠ᠂ ᠲᠠᠨᠢᠨ ᠮᠡᠳᠡᠬᠦᠢ ᠢᠢᠨ ᠨᠡᠩ ᠥᠪᠡᠷᠮᠢᠴᠡ ᠠᠷᠭ᠎ᠠ ᠬᠡᠯᠪᠡᠷᠢ ᠨᠢ ᠳᠣᠷᠣᠨ᠎ᠠ᠂ ᠥᠷᠦᠨ᠎ᠡ ᠢᠢᠨ ᠣᠶᠤᠨ ᠪᠢᠯᠢᠭᠲᠦ ᠡᠷᠳᠡᠮᠲᠡᠳ ᠦᠨ ᠰᠣᠨᠢᠷᠬᠠᠯ ᠢ ᠲᠠᠲᠠᠵᠤ᠂ ᠭᠠᠢᠢᠬᠠᠰᠢᠷᠠᠯ ᠢ ᠲᠥᠷᠦᠭᠦᠯᠵᠦ᠂ ᠨᠡᠩ ᠴᠤᠬᠠᠭ ᠰᠤᠳᠤᠯᠤᠭᠳᠠᠬᠤᠨ ᠪᠣᠯᠤᠭᠰᠠᠭᠠᠷ ᠪᠠᠢᠢᠨ᠎ᠠ᠃

ᠮᠣᠩ᠋ᠭᠣᠯᠴᠤᠳ ᠤᠨ ᠴᠡᠴᠡᠯᠡᠭᠰᠡᠨ ᠨᠢᠭᠡᠨ ᠦᠭᠡ ᠪᠤᠢ᠃《ᠲᠥᠷᠥ ᠪᠡᠨ ᠵᠠᠰᠠᠶ᠎ᠠ ᠭᠡᠪᠡᠯ ᠭᠡᠷ ᠢᠶᠡᠨ ᠵᠠᠰᠠ᠂ ᠭᠡᠷ ᠢᠶᠡᠨ ᠵᠠᠰᠠᠶ᠎ᠠ ᠭᠡᠪᠡᠯ ᠪᠡᠶ᠎ᠡ ᠪᠡᠨ ᠵᠠᠰᠠ᠂ ᠪᠡᠶ᠎ᠡ ᠪᠡᠨ ᠵᠠᠰᠠᠶ᠎ᠠ ᠭᠡᠪᠡᠯ ᠡᠷᠳᠡᠮ ᠰᠤᠷ᠂ ᠡᠷᠳᠡᠮ ᠰᠤᠷᠠᠶ᠎ᠠ ᠭᠡᠪᠡᠯ ᠰᠡᠳᠬᠢᠯ ᠢᠶᠡᠨ ᠲᠣᠭᠲᠠᠭ᠎ᠠ》 ᠭᠡᠵᠦ ᠡᠪᠦᠭᠡ ᠳᠡᠭᠡᠳᠦᠰ ᠮᠠᠨᠢ ᠰᠤᠷᠭᠠᠭᠰᠠᠨ ᠪᠠᠢᠢᠳᠠᠭ᠃ ᠪᠣᠳᠣᠵᠤ ᠪᠢᠰᠢᠯᠭᠠᠵᠤ᠂ ᠡᠷᠡᠭᠡᠯᠵᠡᠵᠦ ᠤᠬᠠᠭᠠᠷᠠᠵᠤ ᠪᠠᠢᠢᠭ᠎ᠠ ᠬᠦᠮᠦᠨ ᠪᠤᠰᠤᠳ ᠢ ᠵᠣᠪᠠᠭᠠᠬᠤ ᠦᠭᠡᠢ᠂ ᠨᠢᠭᠦᠯ ᠡᠴᠡ ᠬᠣᠯᠠ ᠠᠵᠤ ᠲᠥᠷᠦᠳᠡᠭ ᠭᠡᠰᠡᠨ ᠡᠨᠡ ᠡᠩ ᠦᠨ ᠤᠬᠠᠭᠳᠠᠬᠤᠨ ᠪᠣᠯ ᠡᠨᠡᠷᠢᠨ ᠬᠠᠢᠢᠷᠠᠯᠠᠬᠤᠢ ᠢᠢ ᠳᠡᠭᠡᠳᠦᠯᠡᠳᠡᠭ ᠪᠤᠳ᠋ᠳ᠋ᠾᠢᠰᠮ ᠤᠨ ᠭᠣᠣᠯ ᠦᠵᠡᠯ ᠰᠠᠨᠠᠭ᠎ᠠ ᠲᠠᠢ ᠶᠠᠪ ᠴᠠᠪ ᠨᠡᠢᠢᠴᠡᠳᠡᠭ᠃ ᠪᠢᠳᠡᠨ ᠦ ᠠᠮᠢᠳᠤᠷᠠᠨ ᠪᠤᠢ ᠪᠠᠢᠢᠭᠠᠯᠢ ᠳᠡᠯᠡᠬᠡᠢ ᠢᠢᠨ ᠭᠦᠨ ᠭᠦᠨᠵᠡᠭᠡᠢ ᠥᠭᠡᠷᠡᠴᠢᠯᠡᠯᠲᠡ ᠢᠢᠨ ᠡᠷᠢᠨ᠂ 21 ᠳ᠋ᠦ᠋ᠭᠡᠷ ᠵᠠᠭᠤᠨ ᠤ ᠬᠤᠷᠳᠤ᠂ ᠮᠡᠳᠡᠭᠡᠯᠡᠯ ᠦᠨ ᠴᠥᠮ᠎ᠡ ᠳᠥ ᠡᠷᠭᠢᠯᠳᠦᠵᠦ ᠪᠠᠢᠢᠭ᠎ᠠ ᠬᠦᠮᠦᠨ ᠢ ᠪᠤᠳ᠋ᠳ᠋ᠾᠠ ᠢᠢᠨ ᠱᠠᠰᠢᠨ ᠤ ᠢᠲᠡᠭᠡᠯ ᠦᠨᠡᠮᠰᠢᠯ ᠢᠶᠡᠷ ᠴᠡᠨᠡᠭᠯᠡᠵᠦ᠂ ᠲᠡᠭᠦᠨ ᠳᠥ ᠪᠣᠳᠣᠵᠤ ᠪᠢᠰᠢᠯᠭᠠᠬᠤ᠂ ᠥᠪᠡᠷ ᠢ ᠪᠡᠨ ᠲᠠᠨᠢᠵᠤ ᠮᠡᠳᠡᠬᠦ ᠬᠢᠴᠢᠶᠡᠯ ᠳᠠᠳᠤᠯ ᠢ ᠣᠯᠭᠤᠬᠤ ᠨᠢ ᠳᠠᠶᠠᠩ ᠳᠡᠯᠡᠬᠡᠢ ᠢᠢᠨ ᠡᠩᠬᠡ ᠲᠠᠢᠢᠪᠤᠩ ᠤᠨ ᠲᠥᠯᠦᠭᠡ ᠬᠢᠵᠦ ᠪᠠᠢᠢᠭ᠎ᠠ ᠦᠨᠡᠯᠡᠵᠦ ᠪᠠᠷᠠᠰᠢ ᠦᠭᠡᠢ ᠶᠡᠬᠡ ᠲᠤᠰᠠ ᠮᠥᠨ ᠪᠢᠯᠡ᠃

ᠡᠨᠡᠷᠢᠯ ᠢᠶᠡᠷ ᠨᠢᠭᠡᠳᠴᠦ᠂ ᠡᠪ ᠢᠶᠡᠷ ᠪᠦᠲᠦᠭᠡᠶ᠎ᠡ᠃

ᠬᠠᠮᠤᠭ ᠠᠮᠢᠲᠠᠨ ᠠᠮᠤᠭᠤᠯᠠᠩ ᠵᠢᠷᠭᠠᠯᠠᠩ ᠲᠠᠢ ᠪᠠᠢᠢᠬᠤ ᠪᠣᠯᠲᠤᠭᠠᠢ》