Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠣᠷᠣᠰ ᠤᠨ ᠬᠣᠯᠪᠣᠭᠠᠨ ᠤ ᠤᠯᠤᠰ ᠤᠨ ᠶᠡᠷᠦᠩᠬᠡᠢᠢᠯᠡᠭᠴᠢ ᠸ ∙ ᠸ ∙ ᠫᠦᠲ᠋ᠢᠨ ᠲᠠᠢ ᠤᠲᠠᠰᠤ ᠪᠠᠷ ᠶᠠᠷᠢᠯ᠎ᠠ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠥᠨᠥᠳᠥᠷ ᠣᠷᠣᠰ ᠤᠨ ᠬᠣᠯᠪᠣᠭᠠᠨ ᠤ ᠤᠯᠤᠰ ᠤᠨ ᠶᠡᠷᠦᠩᠬᠡᠢᠢᠯᠡᠭᠴᠢ ᠸ ∙ ᠸ ∙ ᠫᠦᠲ᠋ᠢᠨ ᠲᠠᠢ ᠤᠲᠠᠰᠤ ᠪᠠᠷ ᠶᠠᠷᠢᠵᠤ᠂ ᠥᠪᠡᠷ ᠲᠥ ᠨᠢ ᠪᠣᠯᠤᠨ ᠣᠷᠣᠰ ᠤᠨ ᠬᠣᠯᠪᠣᠭᠠᠨ ᠤ ᠤᠯᠤᠰ ᠢᠢᠨ ᠠᠷᠠᠳ ᠲᠦᠮᠡᠨ ᠳᠥ ᠠᠤᠭ᠎ᠠ ᠡᠬᠡ ᠣᠷᠣᠨ ᠤ ᠳᠠᠢᠢᠨ ᠤ ᠢᠯᠠᠯᠲᠠ ᠢᠢᠨ 75 ᠵᠢᠯ ᠦᠨ ᠣᠢ ᠢᠢᠨ ᠪᠠᠶᠠᠷ ᠤᠨ ᠮᠡᠨᠳᠦ ᠬᠦᠷᠭᠡᠯ᠎ᠡ᠃

ᠮᠥᠨ ᠡᠨᠡ ᠲᠠᠰᠢᠷᠠᠮ ᠳᠤ ᠠᠤᠭ᠎ᠠ ᠡᠬᠡ ᠣᠷᠣᠨ ᠤ ᠳᠠᠢᠢᠨ ᠤ ᠢᠯᠠᠯᠲᠠ ᠢᠢᠨ 75 ᠵᠢᠯ ᠦᠨ ᠣᠢ ᠢᠢᠨ ᠴᠡᠷᠢᠭ ᠦᠨ ᠫᠠᠷᠠᠳ᠋ ᠍ ᠲᠤ ᠮᠣᠩ᠋ᠭᠣᠯ ᠤᠯᠤᠰ ᠤᠨ ᠵᠡᠪᠰᠡᠭᠲᠦ ᠬᠦᠴᠦᠨ ᠦ ᠪᠡᠶ᠎ᠡ ᠪᠦᠷᠢᠯᠳᠦᠬᠦᠨ ᠤᠷᠤᠯᠴᠠᠬᠤ ᠭᠡᠵᠦ ᠪᠤᠢ ᠳᠤ ᠪᠠᠶᠠᠷᠲᠠᠢ ᠪᠠᠢᠢᠭ᠎ᠠ ᠪᠠᠨ ᠢᠯᠡᠷᠬᠡᠢᠢᠯᠡᠭᠡᠳ᠂ ᠫᠠᠷᠠᠳ᠋ ᠍ ᠤᠨ ᠦᠢᠯᠡ ᠠᠵᠢᠯᠯᠠᠭᠠᠨ ᠳᠤ ᠠᠮᠵᠢᠯᠲᠠ ᠬᠦᠰᠡᠪᠡ᠃

ᠫᠠᠷᠠᠳ᠋ ᠍ ᠲᠤ ᠤᠷᠤᠯᠴᠠᠬᠤ ᠮᠣᠩ᠋ᠭᠣᠯ ᠤᠨ ᠪᠡᠶ᠎ᠡ ᠪᠦᠷᠢᠯᠳᠦᠬᠦᠨ ᠡᠨᠡ ᠰᠠᠷ᠎ᠠ ᠢᠢᠨ 14 ᠍ ᠦ ᠡᠳᠦᠷ ᠮᠣᠰᠺᠸᠠ ᠬᠣᠲᠠᠨ᠎ᠠ ᠬᠦᠷᠦᠯᠴᠡᠨ ᠣᠴᠢᠭᠰᠠᠨ᠂ ᠪᠡᠯᠡᠳᠬᠡᠯ ᠢᠶᠡᠨ ᠬᠢᠵᠦ ᠪᠠᠢᠢᠭ᠎ᠠ ᠶᠤᠮ᠃

ᠡᠨᠡ ᠵᠢᠯ ᠦᠨ ᠢᠯᠠᠯᠲᠠ ᠢᠢᠨ ᠪᠠᠶᠠᠷ ᠤᠨ ᠴᠡᠷᠢᠭ ᠦᠨ ᠫᠠᠷᠠᠳ᠋ ᠍ ᠲᠤ ᠭᠠᠳᠠᠭᠠᠳᠤ ᠢᠢᠨ 19 ᠣᠷᠣᠨ ᠤ ᠴᠡᠷᠢᠭ ᠦᠨ ᠠᠯᠪᠠ ᠬᠠᠭᠠᠭᠴᠢᠳ ᠣᠷᠣᠯᠴᠠᠬᠤ ᠪᠠᠷ ᠮᠣᠰᠺᠸᠠ ᠬᠣᠲᠠᠨ᠎ᠠ ᠬᠦᠷᠦᠯᠴᠡᠨ ᠣᠴᠢᠭᠰᠠᠨ ᠪᠥᠭᠡᠳ ᠡᠨᠡ ᠰᠠᠷ᠎ᠠ ᠢᠢᠨ 17᠂ 18᠂ 20 ᠍ ᠤ ᠡᠳᠦᠷ ᠦᠳ ᠲᠥ ᠤᠯᠠᠭᠠᠨ ᠲᠠᠯᠠᠪᠠᠢ ᠳᠡᠭᠡᠷ᠎ᠡ ᠨᠢᠭᠡᠳᠦᠭᠰᠡᠨ ᠪᠡᠯᠡᠳᠬᠡᠯ ᠬᠢᠬᠦ ᠪᠡᠷ ᠲᠥᠯᠥᠪᠯᠡᠵᠦ ᠪᠠᠢᠢᠭ᠎ᠠ ᠶᠤᠮ ᠪᠠᠢᠢᠨ᠎ᠠ᠃