ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠥᠨᠥᠳᠥᠷ ᠵᠠᠷᠯᠢᠭ ᠭᠠᠷᠭᠠᠵᠤ᠂ ᠤᠯᠤᠰ ᠤᠨ ᠶᠡᠬᠡ ᠬᠤᠷᠠᠯ ᠤᠨ ᠨᠠᠢᠢᠮᠠ ᠳ᠋ᠠᠬᠢ ᠤᠳᠠᠭ᠎ᠠ ᠢᠢᠨ ᠰᠣᠩ᠋ᠭᠣᠭᠤᠯᠢ ᠢᠢᠨ ᠠᠩᠬᠠᠳᠤᠭᠠᠷ ᠴᠢᠭᠤᠯᠭᠠᠨ ᠢ ᠲᠣᠪᠯᠠᠨ ᠵᠠᠷᠯᠠᠪᠠ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠵᠠᠷᠯᠢᠭ ᠳᠤᠷ᠄
《ᠮᠣᠩ᠋ᠭᠣᠯ ᠤᠯᠤᠰ ᠤᠨ ᠦᠨᠳᠦᠰᠦᠨ ᠬᠠᠤᠯᠢ ᠢᠢᠨ ᠬᠣᠷᠢᠨ ᠳᠣᠯᠣᠳᠤᠭᠠᠷ ᠵᠦᠢᠯ ᠦᠨ 4᠂ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠲᠤᠬᠠᠢ ᠬᠠᠤᠯᠢ ᠢᠢᠨ 9 ᠳᠦᠭᠡᠷ ᠵᠦᠢᠯ ᠦᠨ 1᠂ ᠮᠣᠩ᠋ᠭᠣᠯ ᠤᠯᠤᠰ ᠤᠨ ᠶᠡᠬᠡ ᠬᠤᠷᠠᠯ ᠤᠨ ᠲᠤᠬᠠᠢ ᠬᠠᠤᠯᠢ ᠢᠢᠨ 14 ᠳᠦᠭᠡᠷ ᠵᠦᠢᠯ ᠦᠨ 14.1 ᠳ᠋ᠡᠬᠢ ᠬᠡᠰᠡᠭ ᠲᠥ ᠵᠢᠭᠠᠭᠰᠠᠨ ᠢ ᠲᠤᠰ ᠲᠤᠰ ᠦᠨᠳᠦᠰᠦᠯᠡᠨ ᠵᠠᠷᠯᠢᠭ ᠪᠣᠯᠭᠠᠬᠤ ᠨᠢ᠄
ᠮᠣᠩ᠋ᠭᠣᠯ ᠤᠯᠤᠰ ᠤᠨ ᠶᠡᠬᠡ ᠬᠤᠷᠠᠯ ᠤᠨ ᠨᠠᠢᠢᠮᠠ ᠳ᠋ᠠᠬᠢ ᠤᠳᠠᠭ᠎ᠠ ᠢᠢᠨ ᠰᠣᠩᠭ᠋ᠣᠭᠤᠯᠢ ᠢᠢᠨ ᠠᠩᠬᠠᠳᠤᠭᠠᠷ ᠴᠢᠭᠤᠯᠭᠠᠨ ᠢ 2020 ᠣᠨ ᠤ 6 ᠳ᠋ᠤᠭᠠᠷ ᠰᠠᠷ᠎ᠠ ᠢᠢᠨ 30 ᠍ ᠤ ᠡᠳᠦᠷ ᠦᠨ 12.00 ᠴᠠᠭ ᠲᠤ ᠲᠣᠪᠯᠠᠨ ᠵᠠᠷᠯᠠᠰᠤᠭᠠᠢ》 ᠭᠡᠵᠡᠢ᠃