Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬᠠᠯᠲᠠᠮ᠎ᠠ ᠢᠢᠨ ᠪᠠᠲᠤᠲᠤᠯᠭ᠎ᠠ ᠦᠨᠳᠦᠰᠦᠨ ᠦ ᠶᠡᠬᠡ ᠪᠠᠶᠠᠷ ᠨᠠᠭᠠᠳᠤᠮ ᠢ ᠨᠡᠭᠡᠭᠡᠵᠦ ᠦᠭᠡ ᠬᠡᠯᠡᠯ᠎ᠡ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬᠠᠯᠲᠠᠮ᠎ᠠ ᠢᠢᠨ ᠪᠠᠲᠤᠲᠤᠯᠭ᠎ᠠ ᠥᠨᠥᠳᠥᠷ ᠲᠤᠯᠭᠤᠷ ᠲᠥᠷᠥ ᠢᠢᠨ 2229 ᠵᠢᠯ᠂ ᠶᠡᠬᠡ ᠮᠣᠩ᠋ᠭᠣᠯ ᠤᠯᠤᠰ ᠪᠠᠢᠢᠭᠤᠯᠤᠭᠳᠠᠰᠤᠨ ᠤ 814 ᠵᠢᠯ᠂ ᠦᠨᠳᠦᠰᠦᠨ ᠦ ᠡᠷᠬᠡ ᠴᠢᠯᠦᠭᠡ᠂ ᠲᠤᠰᠠᠭᠠᠷ ᠲᠣᠭᠲᠠᠨᠢᠯ ᠢᠶᠠᠨ ᠰᠡᠷᠭᠦᠭᠡᠨ ᠮᠠᠨᠳᠤᠭᠤᠯᠤᠭᠰᠠᠨ ᠤ 109 ᠵᠢᠯ᠂ ᠠᠷᠠᠳ ᠤᠨ ᠬᠤᠪᠢᠰᠬᠠᠯ ᠤᠨ 99 ᠵᠢᠯ᠂ ᠠᠷᠠᠳᠴᠢᠯᠠᠭᠰᠠᠨ ᠬᠤᠪᠢᠰᠬᠠᠯ ᠤᠨ 31 ᠵᠢᠯ ᠦᠨ ᠣᠢ ᠢᠢᠨ ᠦᠨᠳᠦᠰᠦᠨ ᠦ ᠶᠡᠬᠡ ᠪᠠᠶᠠᠷ ᠨᠠᠭᠠᠳᠤᠮ ᠢ ᠨᠡᠭᠡᠭᠡᠵᠦ ᠦᠭᠡ ᠬᠡᠯᠡᠯ᠎ᠡ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬᠠᠯᠲᠠᠮ᠎ᠠ ᠢᠢᠨ ᠪᠠᠲᠤᠲᠤᠯᠭ᠎ᠠ ᠄
《ᠬᠥᠬᠡ ᠮᠠᠩ᠋ᠬᠠᠨ ᠲᠩᠷᠢ᠂ ᠬᠥᠷᠥᠰᠥᠳᠦ ᠡᠬᠡ ᠨᠤᠲᠤᠭ ᠢᠶᠠᠨ ᠡᠵᠡᠩᠨᠡᠩᠬᠡᠨ ᠵᠠᠶᠠᠭᠠᠭᠰᠠᠨ ᠮᠢᠨᠦ ᠡᠬᠡ ᠣᠷᠣᠨ ᠤ ᠠᠷᠠᠳ ᠢᠷᠭᠡᠳ ᠡ!

ᠣᠨ ᠴᠠᠭ ᠤᠨ ᠡᠷᠬᠡ᠂ ᠲᠡᠦᠬᠡᠨ ᠬᠤᠪᠢ ᠲᠣᠬᠢᠶᠠᠯ ᠢᠶᠠᠷ ᠳᠡᠯᠡᠬᠡᠢ ᠳᠠᠶᠠᠬᠠᠨ ᠢᠶᠠᠷ ᠲᠠᠷᠬᠠᠨ ᠲᠦᠭᠡᠭ᠍ᠰᠡᠨ ᠡᠯᠢᠭᠡ ᠨᠢᠭᠡᠲᠦ ᠮᠣᠩ᠋ᠭᠣᠯ ᠤᠭᠰᠠᠭᠠᠲᠠᠨ ᠨᠤᠭᠤᠳ ᠠ᠋!

ᠮᠣᠩ᠋ᠭᠣᠯᠴᠤᠳ ᠪᠢᠳᠡ ᠲᠥᠷᠥᠳᠦ ᠶᠣᠰᠣᠨ ᠤ ᠪᠠᠨ ᠴᠡᠩᠭᠡᠯ ᠦᠨ ᠮᠠᠩᠯᠠᠢ – ᠦᠨᠳᠦᠰᠦᠨ ᠦ ᠶᠡᠬᠡ ᠪᠠᠶᠠᠷ ᠨᠠᠭᠠᠳᠤᠮ ᠢᠶᠠᠨ ᠡᠷᠬᠡ ᠴᠢᠯᠦᠭᠡ᠂ ᠲᠤᠰᠠᠭᠠᠷ ᠲᠣᠭᠲᠠᠨᠢᠯ᠂ ᠡᠪ ᠨᠢᠭᠡᠳᠦᠯ᠂ ᠬᠦᠰᠡᠯ ᠮᠥᠷᠥᠭᠡᠳᠦᠯ᠂ ᠴᠢᠩ ᠵᠣᠷᠢᠭ᠂ ᠭᠦᠨ ᠪᠠᠬᠠᠷᠬᠠᠯ ᠤᠨ ᠢᠶᠠᠨ ᠪᠠᠲᠤ ᠢᠯᠡᠷᠬᠡᠢᠢᠯᠡᠯ ᠪᠣᠯᠭᠠᠵᠤ᠂ ᠦᠶ ᠡ ᠡᠴᠡ ᠦᠶ᠎ᠡ ᠳᠥ ᠥᠷᠲᠡᠭᠡᠯᠡᠨ ᠵᠠᠯᠭᠠᠮᠵᠢᠯᠠᠵᠤ᠂ ᠡᠷᠬᠢᠮᠯᠡᠨ ᠰᠠᠬᠢᠭᠰᠠᠨ ᠥᠨᠢ ᠮᠥᠩᠬᠡ ᠢᠢᠨ ᠭᠣᠯᠣᠮᠲᠠ ᠨᠤᠲᠤᠭ ᠲᠤ ᠪᠠᠨ ᠶᠣᠰᠣᠯᠠᠯ ᠲᠡᠭᠦᠯᠳᠡᠷ ᠲᠡᠮᠳᠡᠭᠯᠡᠬᠦ ᠭᠡᠵᠦ ᠪᠠᠢᠢᠨ᠎ᠠ᠃

ᠪᠢᠳᠡᠨ ᠦ ᠶᠡᠬᠡᠰ ᠳᠡᠭᠡᠳᠦᠰ ᠡᠷᠲᠡᠨ ᠡᠴᠡ ᠢᠨᠠᠭᠰᠢ ᠨᠠᠷᠠᠨ᠂ ᠰᠠᠷᠠᠨ᠂ ᠠᠷᠢᠭᠤᠨ ᠭᠠᠯ ᠢᠶᠠᠨ ᠲᠠᠬᠢᠵᠤ᠂ ᠶᠢᠰᠦᠨ ᠬᠥᠯᠲᠦ ᠶᠡᠬᠡ ᠴᠠᠭᠠᠨ ᠲᠤᠭ ᠢᠶᠠᠨ ᠴᠢᠩᠭᠢᠭᠦᠯᠵᠦ᠂ ᠡᠷ᠎ᠡ ᠢᠢᠨ ᠭᠤᠷᠪᠠᠨ ᠨᠠᠭᠠᠳᠤᠮ ᠢᠶᠠᠨ ᠬᠢᠳᠡᠭ ᠢᠶᠡᠨ ᠡᠴᠢᠭᠡ ᠮᠥᠩᠬᠡ ᠲᠩᠷᠢ᠂ ᠡᠲᠦᠭᠡᠨ ᠡᠬᠡ ᠭᠠᠵᠠᠷ᠂ ᠡᠷᠳᠡᠨᠢᠲᠦ ᠶᠡᠬᠡ ᠬᠥᠮᠥᠨ ᠦ ᠭᠤᠷᠮᠤᠰᠤᠨ ᠶᠡᠬᠡ ᠪᠠᠶᠠᠷ ᠴᠡᠩᠭᠡᠯ ᠭᠡᠵᠦ ᠦᠵᠡᠭᠰᠡᠭᠡᠷ ᠢᠷᠡᠭᠰᠡᠨ ᠪᠢᠯᠡ᠃

ᠡᠷ᠎ᠡ ᠢᠢᠨ ᠭᠤᠷᠪᠠᠨ ᠨᠠᠭᠠᠳᠤᠮ ᠪᠣᠯ ᠮᠣᠩ᠋ᠭᠣᠯ ᠤᠭᠰᠠᠭᠠᠲᠠᠨ ᠤ ᠮᠢᠩ᠋ᠭᠠᠨ ᠠᠴᠠ ᠮᠢᠩ᠋ᠭᠠᠨ ᠳᠤ ᠤᠯᠪᠠᠭᠠᠯᠠᠭᠰᠠᠨ ᠨᠡᠭᠦᠳᠡᠯᠴᠢᠨ ᠰᠤᠶᠤᠯ ᠤᠨ ᠴᠥᠮ᠂ ᠲᠡᠦᠬᠡ ᠱᠠᠰᠲᠢᠷ᠂ ᠰᠦᠰᠦᠭ ᠪᠢᠰᠢᠷᠡᠯ᠂ ᠶᠣᠰᠣ ᠵᠠᠩᠰᠢᠯ᠂ ᠦᠨᠳᠦᠰᠦᠨ ᠦ ᠰᠡᠳᠬᠢᠬᠦᠢ ᠢᠢᠨ ᠴᠣᠭᠴᠠ᠂ ᠮᠣᠩ᠋ᠭᠣᠯ ᠲᠥᠷᠥ ᠢᠢᠨ ᠣᠷᠣᠰᠢᠨ ᠲᠣᠭᠲᠠᠨᠢᠬᠤᠢ ᠢᠢᠨ ᠣᠶᠤᠨ ᠰᠠᠨᠠᠭᠠᠨ ᠤ ᠳᠠᠷᠬᠠᠯᠠᠭᠠᠨ ᠤ ᠣᠨᠴᠤᠭᠤᠢ ᠴᠢᠬᠤᠯᠠ ᠬᠡᠰᠡᠭ ᠨᠢ ᠪᠢᠯᠡ᠃

ᠮᠣᠩ᠋ᠭᠣᠯ ᠨᠠᠭᠠᠳᠤᠮ ᠨᠢ ᠡᠬᠡ ᠳᠡᠯᠡᠬᠡᠢ ᠪᠡᠨ ᠬᠠᠢᠢᠷᠠᠯᠠᠬᠤ ᠬᠥᠮᠥᠨ ᠪᠠᠢᠢᠭᠠᠯᠢ ᠢᠢᠨ ᠲᠡᠭᠦᠰ ᠵᠣᠬᠢᠷᠠᠯ᠂ ᠰᠢᠲᠦᠨ ᠪᠠᠷᠢᠯᠳᠤᠯᠭ᠎ᠠ ᠪᠣᠯᠬᠤ ᠢᠢᠨ ᠬᠤᠪᠢ ᠳᠤ ᠬᠦᠮᠦᠨ ᠲᠥᠷᠥᠯᠬᠢᠲᠡᠨ ᠦ ᠢᠷᠭᠡᠨᠰᠢᠯ᠂ ᠰᠤᠶᠤᠯ ᠤᠨ ᠣᠶᠤᠨ ᠰᠠᠨᠠᠭᠠᠨ ᠤ ᠦᠨᠡᠲᠦ ᠥᠪ ᠬᠡᠮᠡᠨ ᠨᠢᠭᠡᠨᠲᠡ ᠬᠦᠯᠢᠶᠡᠨ ᠵᠥᠪᠰᠢᠶᠡᠷᠡᠭᠳᠡᠭᠰᠡᠨ ᠪᠣᠯᠬᠤ ᠢᠢ ᠣᠨᠴᠠᠯᠠᠨ ᠲᠡᠮᠳᠡᠭᠯᠡᠬᠦ ᠳᠥ ᠨᠡᠩ ᠲᠠᠭᠠᠲᠠᠢ ᠪᠠᠢᠢᠨ᠎ᠠ᠃

ᠮᠣᠩ᠋ᠭᠣᠯ ᠦᠨᠳᠦᠰᠦᠲᠡᠨ ᠲᠥᠪ ᠠᠽᠢᠶ᠎ᠠ ᠢᠢᠨ ᠥᠨᠳᠥᠷᠯᠢᠭ ᠲᠥ ᠨᠠᠯᠠᠢᠢᠬᠤ ᠠᠭᠤᠳᠠᠮ ᠲᠠᠯ᠎ᠠ ᠨᠤᠲᠤᠭ ᠲᠤ ᠪᠠᠨ ᠵᠠᠭᠤᠨ ᠵᠠᠭᠤᠨ ᠢᠶᠠᠷ ᠠᠵᠤ ᠲᠥᠷᠦᠵᠦ᠂ ᠳᠡᠯᠡᠬᠡᠢ ᠢᠢᠨ ᠰᠤᠶᠤᠯ ᠢᠷᠭᠡᠨᠰᠢᠯ᠂ ᠬᠦᠮᠦᠨ ᠲᠥᠷᠥᠯᠬᠢᠲᠡᠨ ᠦ ᠬᠥᠭ᠍ᠵᠢᠯ ᠳᠡᠪᠰᠢᠯ ᠦᠨ ᠲᠥᠯᠥᠪ ᠢ ᠬᠣᠶᠠᠷ ᠵᠠᠭᠤᠨ ᠤ ᠲᠤᠷᠰᠢ ᠲᠣᠳᠣᠷᠬᠠᠢᠢᠯᠠᠭᠰᠠᠨ ᠭᠠᠢᠢᠬᠠᠮᠰᠢᠭᠲᠤ ᠲᠡᠦᠬᠡ ᠲᠡᠢ ᠠᠷᠠᠳ ᠲᠦᠮᠡᠨ᠃ ᠪᠢᠳᠡᠨ ᠦ ᠡᠪᠦᠭᠡ ᠳᠡᠭᠡᠳᠦᠰ ᠦᠨ ᠣᠶᠤᠨ ᠤᠬᠠᠭᠠᠨ ᠤ ᠪᠢᠳ᠂ ᠪᠠᠯᠠᠷᠠᠰᠢ ᠦᠭᠡᠢ ᠰᠤᠶᠤᠯ᠂ ᠳᠠᠪᠲᠠᠭᠳᠠᠰᠢ ᠦᠭᠡᠢ ᠥᠪ ᠳᠡᠯᠡᠬᠡᠢ ᠳᠠᠶᠠᠭᠠᠷ ᠣᠷᠣᠰᠢᠭᠰᠠᠭᠠᠷ ᠪᠠᠢᠢᠨ᠎ᠠ᠃

ᠡᠳᠦᠭᠡ ᠪᠢᠳᠡ ᠢᠷᠡᠭᠡᠳᠦᠢ ᠳᠥ ᠴᠡᠩᠨᠡᠭᠳᠡᠬᠦ ᠲᠡᠦᠬᠡ ᠪᠡᠨ ᠪᠦᠲᠦᠭᠡᠵᠦ ᠪᠤᠢ ᠢᠢ ᠪᠠᠨ ᠪᠠᠰᠠ ᠰᠠᠨᠠᠵᠠᠭᠠᠶ᠎ᠠ᠃

ᠳᠡᠯᠡᠬᠡᠢ ᠳᠠᠶᠠᠭᠠᠷ ᠪᠡᠷᠬᠡ ᠴᠠᠭ ᠢ ᠲᠤᠭᠤᠯᠵᠤ᠂ ᠲᠡᠭᠦᠨ ᠡᠴᠡ ᠰᠢᠯᠲᠠᠭᠠᠯᠠᠭᠰᠠᠨ ᠬᠦᠨᠳᠦᠷᠡᠯ ᠪᠡᠷᠬᠡᠰᠢᠶᠡᠯ ᠢ ᠳᠠᠪᠠᠨ ᠭᠠᠷᠬᠤ ᠬᠦᠨᠳᠦᠬᠡᠨ ᠰᠣᠷᠢᠯᠲᠠ ᠲᠠᠢ ᠨᠢᠭᠤᠷ ᠲᠤᠯᠠᠵᠠᠭᠠᠯ᠎ᠠ᠃ ᠲᠤᠰᠠᠭᠠᠷ ᠲᠣᠭᠲᠠᠨᠢᠭᠰᠠᠨ᠂ ᠡᠷᠬᠡ ᠴᠢᠯᠦᠭᠡᠲᠦ᠂ ᠠᠷᠠᠳᠴᠢᠯᠠᠭᠰᠠᠨ ᠮᠣᠩ᠋ᠭᠣᠯ ᠤᠯᠤᠰ ᠤᠨ ᠲᠥᠷᠥ ᠵᠠᠰᠠᠭ ᠠᠷᠠᠳ ᠣᠯᠠᠨ ᠤ ᠪᠠᠨ ᠠᠮᠢ ᠨᠠᠰᠤ᠂ ᠠᠬᠤᠢ ᠠᠮᠢᠳᠤᠷᠠᠯ᠂ ᠡᠳ᠋ ᠍ ᠦᠨ ᠵᠠᠰᠠᠭ ᠤᠨ ᠲᠤᠰᠠᠭᠠᠷ ᠲᠣᠭᠲᠠᠨᠢᠯ ᠢ ᠬᠠᠮᠠᠭᠠᠯᠠᠵᠤ᠂ ᠪᠡᠬᠢᠵᠢᠭᠦᠯᠬᠦ ᠲᠤᠭᠤᠰᠢᠲᠠᠢ ᠪᠣᠳᠣᠯᠭ᠎ᠠ ᠬᠡᠷᠡᠭᠵᠢᠭᠦᠯᠦᠨ ᠪᠠᠲᠤᠯᠠᠭᠠᠵᠢᠭᠤᠯᠬᠤ ᠳᠤ ᠴᠠᠭ ᠠᠯᠳᠠᠬᠤ ᠶᠣᠰᠣ ᠦᠭᠡᠢ ᠢᠢ ᠳᠡᠯᠡᠬᠡᠢ ᠨᠡᠢᠢᠲᠡ ᠢᠢᠨ ᠥᠨᠥ ᠢᠢᠨ ᠲᠥᠯᠥᠪ ᠪᠠᠢᠢᠳᠠᠯ ᠨᠣᠲᠠᠯᠠᠵᠤ ᠪᠠᠢᠢᠨ᠎ᠠ᠃

ᠮᠣᠩ᠋ᠭᠣᠯ ᠲᠥᠷᠥ ᠢᠢᠨ ᠠᠯᠲᠠᠨ ᠪᠣᠰᠤᠭ᠎ᠠ ᠢᠢ ᠳᠠᠪᠠᠭᠰᠠᠨ ᠮᠥᠴᠡ ᠡᠴᠡ ᠬᠤᠪᠢ ᠢᠢᠨ ᠪᠣᠯᠤᠭᠠᠳ ᠬᠠᠷᠢ ᠢᠢᠨ ᠡᠷᠬᠡ ᠠᠰᠢᠭ᠂ ᠵᠠᠭᠤᠷᠠᠳᠤ ᠢᠢᠨ ᠰᠠᠨᠠᠭᠠᠷᠬᠠᠯ ᠥᠴᠥᠬᠡᠨ ᠲᠡᠳᠦᠢ ᠴᠤ ᠪᠠᠢᠢᠬᠤ ᠶᠣᠰᠣ ᠦᠭᠡᠢ᠃ ᠡᠭᠦᠨ ᠢ ᠤᠮᠠᠷᠲᠠᠵᠤ᠂ ᠬᠥᠰᠡᠷᠳᠡᠭᠦᠯᠪᠡᠰᠦ ᠲᠥᠷᠥ ᠢᠢᠨ ᠬᠠᠤᠯᠢ ᠴᠠᠭᠠᠵᠠ᠂ ᠲᠦᠮᠡᠨ ᠦ ᠢᠲᠡᠭᠡᠯ ᠨᠠᠢᠢᠳᠠᠪᠤᠷᠢ᠂ ᠥᠩᠭᠡᠷᠡᠭᠰᠡᠨ ᠪᠠ ᠢᠷᠡᠭᠡᠳᠦᠢ ᠦᠶ᠎ᠡ ᠪᠢᠳᠡᠨ ᠢ ᠬᠡᠷᠬᠢᠪᠡᠴᠦ ᠥᠷᠥᠰᠢᠶᠡᠬᠦ ᠦᠭᠡᠢ᠃

ᠬᠤᠷᠮᠤᠰᠲᠠ ᠲᠩᠷᠢ ᠬᠤᠷ᠎ᠠ ᠪᠣᠷᠣᠭ᠎ᠠ ᠢᠢ ᠪᠠᠨ ᠬᠠᠢᠢᠷᠠᠯᠠᠵᠤ᠂ ᠭᠠᠵᠠᠷ ᠳᠡᠯᠡᠬᠡᠢ ᠥᠩᠭᠡ ᠭᠡᠷᠡᠯ ᠢᠶᠡᠨ ᠠᠰᠠᠭᠠᠵᠤ᠂ ᠮᠣᠩ᠋ᠭᠣᠯ ᠬᠦᠮᠦᠨ ᠪᠦᠷᠢ ᠤᠯᠠᠮᠵᠢᠯᠠᠯᠲᠤ ᠰᠤᠶᠤᠯ᠂ ᠦᠨᠳᠦᠰᠦᠨ ᠦ ᠦᠨᠡᠲᠦ ᠵᠦᠢᠯ ᠢᠶᠡᠨ ᠡᠷᠬᠢᠮᠯᠡᠨ ᠳᠡᠭᠡᠳᠦᠯᠡᠵᠦ᠂ ᠰᠢᠨ᠎ᠡ ᠴᠠᠭ ᠤᠨ ᠬᠥᠭ᠍ᠵᠢᠯ ᠳᠡᠪᠰᠢᠯ᠂ ᠰᠢᠨᠵᠢᠯᠡᠬᠦ ᠤᠬᠠᠭᠠᠨ ᠲᠧᠭᠨᠣᠯᠣᠭᠢ ᠢᠢᠨ ᠡᠷᠢᠨ ᠦᠶ᠎ᠡ ᠢᠢᠨ ᠣᠯᠤᠯᠲᠠ ᠲᠠᠢ ᠬᠥᠯ ᠨᠡᠢᠢᠯᠡᠭᠦᠯᠦᠨ ᠠᠯᠬᠤᠬᠤ ᠰᠠᠢᠢᠬᠠᠨ ᠴᠠᠭ ᠦᠶ᠎ᠡ ᠠᠢᠢᠯᠴᠢᠯᠠᠨ ᠢᠷᠡᠭᠡᠳ ᠪᠠᠢᠢᠨ᠎ᠠ᠃ ᠡᠨᠡ ᠬᠦ ᠰᠢᠨ᠎ᠡ ᠡᠷᠢᠨ ᠦ ᠪᠣᠰᠤᠭᠠᠨ ᠳᠡᠭᠡᠷ᠎ᠡ ᠮᠣᠩ᠋ᠭᠣᠯ ᠬᠦᠮᠦᠨ ᠦ ᠡᠷᠳᠡᠮ ᠴᠢᠳᠠᠯ᠂ ᠮᠣᠩ᠋ᠭᠣᠯ ᠣᠷᠣᠨ ᠤ ᠰᠤᠤ ᠠᠯᠳᠠᠷ ᠳᠡᠯᠡᠬᠡᠢ ᠳᠠᠶᠠᠭᠠᠷ ᠳᠠᠭᠤᠷᠢᠰᠬᠤ ᠣᠯᠠᠨ ᠰᠠᠢᠢᠬᠠᠨ ᠤᠴᠢᠷ ᠲᠣᠬᠢᠶᠠᠯ ᠪᠦᠷᠢᠳᠦᠯ᠎ᠡ᠃

ᠮᠣᠩ᠋ᠭᠣᠯ ᠲᠥᠷᠥ ᠢᠢᠨ ᠶᠡᠬᠡ ᠪᠠᠶᠠᠷ ᠴᠡᠩᠭᠡᠯ ᠨᠠᠭᠠᠳᠤᠮ ᠳᠤ ᠪᠠᠨ ᠡᠷᠡᠮᠡᠭᠡᠢ ᠬᠦᠴᠦᠲᠦ ᠪᠥᠬᠡᠴᠦᠳ ᠦᠨ ᠮᠠᠨᠢ ᠪᠢᠷ᠎ᠠ ᠮᠡᠬᠡ ᠨᠢ ᠳᠠᠭᠠᠭᠠᠴᠠ ᠲᠠᠢ ᠪᠠᠢᠢᠵᠤ᠂ ᠡᠭᠡᠯ ᠦᠭᠡᠢ ᠬᠡᠢᠢᠮᠣᠷᠢᠳᠤ ᠬᠦᠯᠦᠭ ᠦᠨ ᠬᠤᠷᠳᠤ ᠰᠢᠨᠳᠠᠰᠤ ᠨᠢ ᠡᠷᠴᠢᠲᠡᠢ ᠪᠠᠢᠢᠵᠤ᠂ ᠡᠷᠡᠬᠡᠢ ᠮᠡᠷᠭᠡᠨ ᠬᠠᠷᠪᠤᠭᠠᠴᠢᠳ ᠤᠨ ᠴᠡᠴᠡ ᠮᠡᠷᠭᠡ ᠨᠢ ᠣᠨᠴᠢᠲᠠᠢ ᠪᠠᠢᠢᠬᠤ ᠪᠣᠯᠲᠤᠭᠠᠢ᠃

ᠮᠥᠩᠬᠡ ᠲᠩᠷᠢ ᠢᠢᠨ ᠢᠶᠡᠨ ᠬᠦᠴᠦᠨ ᠳᠣᠣᠷ᠎ᠠ ᠮᠣᠩ᠋ᠭᠣᠯ ᠲᠥᠷᠥ ᠮᠥᠩᠬᠡᠳᠡ ᠣᠷᠣᠰᠢᠵᠤ᠂ ᠮᠣᠩ᠋ᠭᠣᠯ ᠲᠦᠮᠡᠨ ᠦ ᠮᠠᠨᠢ ᠬᠡᠢᠢᠮᠣᠷᠢ ᠵᠠᠶᠠᠭ᠎ᠠ ᠢᠢ ᠢᠪᠡᠭᠡᠭ᠌᠃

ᠰᠠᠢᠢᠬᠠᠨ ᠨᠠᠭᠠᠳᠤᠭᠠᠷᠠᠢ》 ᠭᠡᠯ᠎ᠡ᠃

ᠮᠣᠩᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠦᠨᠳᠦᠰᠦᠨ ᠦ ᠶᠡᠬᠡ ᠪᠠᠶᠠᠷ ᠨᠠᠭᠠᠳᠤᠮ ᠢ ᠨᠡᠭᠡᠭᠡᠵᠦ ᠦᠭᠡ ᠬᠡᠯᠡᠭᠰᠡᠨ ᠦ ᠪᠡᠨ ᠳᠠᠷᠠᠭ᠎ᠠ ᠲᠥᠷᠥ ᠢᠢᠨ ᠶᠢᠰᠦᠨ ᠬᠥᠯᠲᠦ ᠶᠡᠬᠡ ᠴᠠᠭᠠᠨ ᠲᠤᠭ ᠳᠤᠷ ᠬᠦᠨᠳᠦᠳᠬᠡᠯ ᠦᠵᠡᠭᠦᠯᠦᠯ᠎ᠡ᠃