ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠥᠨᠥᠳᠥᠷ ᠵᠠᠷᠯᠢᠭ ᠭᠠᠷᠭᠠᠵᠤ᠂ ᠲᠤᠯᠭᠤᠷ ᠲᠥᠷᠥ ᠢᠢᠨ 2229᠂ ᠶᠡᠬᠡ ᠮᠣᠩ᠋ᠭᠣᠯ ᠤᠯᠤᠰ ᠤᠨ 814᠂ ᠠᠷᠠᠳ ᠤᠨ ᠬᠤᠪᠢᠰᠬᠠᠯ ᠤᠨ 99 ᠵᠢᠯ ᠦᠨ ᠣᠢ ᠢᠢᠨ ᠦᠨᠳᠦᠰᠦᠨ ᠦ ᠶᠡᠬᠡ ᠪᠠᠶᠠᠷ ᠨᠠᠭᠠᠳᠤᠮ ᠤᠨ ᠦᠨᠳᠦᠰᠦᠨ ᠦ ᠰᠤᠷ ᠤᠨ ᠬᠠᠷᠪᠤᠭᠠᠨ ᠤ ᠲᠡᠮᠡᠴᠡᠭᠡᠨ ᠳᠥ ᠠᠮᠵᠢᠯᠲᠠᠲᠠᠢ ᠣᠷᠣᠯᠴᠠᠵᠤ᠂ ᠤᠯᠤᠰ ᠤᠨ ᠴᠣᠯᠠᠨ ᠤ ᠪᠣᠯᠵᠣᠯ ᠬᠠᠩ᠋ᠭᠠᠭᠰᠠᠨ ᠬᠠᠷᠪᠤᠭᠠᠴᠢᠳ ᠲᠤ ᠴᠣᠯᠠ ᠣᠯᠭᠤᠯ᠎ᠠ᠃
《ᠤᠯᠤᠰ ᠤᠨ ᠴᠣᠯᠠ ᠣᠯᠭᠣᠬᠤ ᠲᠤᠬᠠᠢ》 ᠵᠠᠷᠯᠢᠭ ᠢ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠤᠨ ᠳᠠᠷᠤᠭ᠎ᠠ ᠥ᠊ ∙ ᠰᠢᠵᠢᠷ ᠤᠩᠰᠢᠵᠤ ᠲᠠᠨᠢᠯᠴᠠᠭᠤᠯᠤᠭᠰᠠᠨ ᠤ ᠳᠠᠷᠠᠭ᠎ᠠ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠬᠠᠷᠪᠤᠭᠠᠴᠢᠳ ᠲᠤ ᠮᠣᠩ᠋ᠭᠣᠯ ᠤᠯᠤᠰ ᠤᠨ ᠴᠣᠯᠠᠨ ᠤ ᠦᠨᠡᠮᠯᠡᠬᠦ᠂ ᠲᠡᠮᠳᠡᠭ ᠢ ᠨᠢ ᠭᠠᠷᠳᠠᠭᠤᠯᠤᠨ ᠥᠭᠴᠦ᠂ ᠪᠠᠶᠠᠷ ᠬᠦᠷᠭᠡᠯ᠎ᠡ᠃
ᠦᠨᠳᠦᠰᠦᠨ ᠦ ᠰᠤᠷ ᠤᠨ ᠬᠠᠷᠪᠤᠭᠠᠨ ᠳᠤᠷ ᠡᠷᠡᠭᠳᠡᠢ ᠬᠠᠷᠪᠤᠭᠠᠴᠢᠳ ᠠᠴᠠ᠄
- 40 ᠰᠤᠮᠤᠨ ᠠᠴᠠ 38 ᠰᠤᠮᠤ ᠣᠨᠣᠵᠤ ᠲᠦᠷᠦᠭᠦᠯᠡᠭᠰᠡᠨ ᠵᠠᠪᠬᠠᠨ ᠠᠢᠢᠮᠠᠭ ᠤᠨ ᠡᠷᠳᠡᠨᠢᠬᠠᠢᠢᠷᠬᠠᠨ ᠰᠤᠮᠤ ᠢᠢᠨ ᠤᠤᠭᠤᠯ᠂ ᠮᠣᠩ᠋ᠭᠣᠯ ᠤᠯᠤᠰ ᠤᠨ ᠮᠡᠷᠭᠡᠨ ᠳᠠᠮᠢᠷᠠᠨᠪᠠᠽᠠᠷ ᠤᠨ ᠳᠡᠮᠪᠡᠷᠢᠯᠰᠠᠢᠢᠬᠠᠨ ᠳᠤ ᠮᠣᠩ᠋ᠭᠣᠯ ᠤᠯᠤᠰ ᠤᠨ 《ᠳᠠᠶᠠᠩ ᠮᠡᠷᠭᠡᠨ》 ᠴᠣᠯᠠ᠂
- 36 ᠰᠤᠮᠤ ᠣᠨᠣᠵᠤ᠂ 2 ᠳ᠋ᠤᠭᠠᠷ ᠪᠠᠢᠢᠷᠢ ᠡᠵᠡᠯᠡᠭᠰᠡᠨ ᠪᠠᠶᠠᠨ-ᠥᠯᠥᠭᠡᠢ ᠠᠢᠢᠮᠠᠭ ᠤᠨ ᠪᠤᠯᠠᠭᠠᠨ ᠰᠤᠮᠤ ᠢᠢᠨ ᠤᠤᠭᠤᠯ᠂ ᠮᠣᠩ᠋ᠭᠣᠯ ᠤᠯᠤᠰ ᠤᠨ ᠰᠫᠣᠷᠲ ᠤᠨ ᠮᠠᠰᠲ᠋ᠸᠷ᠂ ᠠᠢᠢᠮᠠᠭ ᠤᠨ ᠮᠡᠷᠭᠡᠨ ᠳᠦᠭᠡᠷᠵᠠᠪ ᠤᠨ ᠪᠠᠲᠤᠲᠤᠯᠭ᠎ᠠ ᠳᠤ ᠮᠣᠩ᠋ᠭᠣᠯ ᠤᠯᠤᠰ ᠤᠨ 《ᠭᠠᠷᠮᠠᠭᠠᠢ ᠬᠠᠷᠪᠤᠭᠠᠴᠢ》 ᠴᠣᠯᠠ᠂
- 36 ᠰᠤᠮᠤ ᠣᠨᠣᠵᠤ᠂ 3 ᠳ᠋ᠤᠭᠠᠷ ᠪᠠᠢᠢᠷᠢ ᠡᠵᠡᠯᠡᠭᠰᠡᠨ ᠥᠪᠦᠷᠬᠠᠩ᠋ᠭᠠᠢ ᠠᠢᠢᠮᠠᠭ ᠤᠨ ᠠᠷᠪᠠᠢᠢᠬᠡᠭᠡᠷ ᠰᠤᠮᠤ ᠢᠢᠨ ᠤᠤᠭᠤᠯ ᠮᠣᠩ᠋ᠭᠣᠯ ᠤᠯᠤᠰ ᠤᠨ ᠰᠫᠣᠷᠲ ᠤᠨ ᠮᠠᠰᠲ᠋ᠸᠷ᠂ ᠠᠢᠢᠮᠠᠭ ᠤᠨ ᠮᠡᠷᠭᠡᠨ ᠫᠦᠷᠪᠦ ᠢᠢᠨ ᠢᠪᠠᠤᠬᠤᠯᠠᠨ ᠳᠤ ᠮᠣᠩ᠋ᠭᠣᠯ ᠤᠯᠤᠰ ᠤᠨ 《ᠭᠣᠴᠣ ᠬᠠᠷᠪᠤᠭᠠᠴᠢ》 ᠴᠣᠯᠠ ᠢᠢ ᠲᠤᠰ ᠲᠤᠰ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠵᠠᠷᠯᠢᠭ ᠢᠶᠠᠷ ᠣᠯᠭᠤᠯ᠎ᠠ᠃
ᠦᠨᠳᠦᠰᠦᠨ ᠦ ᠰᠤᠷ ᠤᠨ ᠬᠠᠷᠪᠤᠭᠠᠨ ᠳᠤᠷ ᠡᠮᠡᠭᠳᠡᠢ ᠬᠠᠷᠪᠤᠭᠠᠴᠢᠳ ᠠᠴᠠ᠄
40 ᠰᠤᠮᠤᠨ ᠠᠴᠠ 36 ᠰᠤᠮᠤ ᠣᠨᠣᠵᠤ ᠲᠦᠷᠦᠭᠦᠯᠡᠭᠰᠡᠨ ᠰᠦᠬᠡᠪᠠᠭᠠᠲᠤᠷ ᠠᠢᠢᠮᠠᠭ ᠤᠨ ᠪᠠᠶᠠᠨᠳᠡᠯᠭᠡᠷ ᠰᠤᠮᠤ ᠢᠢᠨ ᠤᠤᠭᠤᠯ᠂ ᠮᠣᠩ᠋ᠭᠣᠯ ᠤᠯᠤᠰ ᠤᠨ ᠰᠫᠣᠷᠲ ᠤᠨ ᠮᠠᠰᠲ᠋ᠸᠷ ᡀᠠᠭᠪᠠᠰᠦ᠋ᠷᠦᠩ ᠦᠨ ᠣᠳᠤᠰᠠᠢᠢᠬᠠᠨ ᠳᠤ 《ᠮᠣᠩ᠋ᠭᠣᠯ ᠤᠯᠤᠰ ᠤᠨ ᠮᠡᠷᠭᠡᠨ》 ᠴᠣᠯᠠ ᠢᠢ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠵᠠᠷᠯᠢᠭ ᠢᠶᠠᠷ ᠣᠯᠭᠤᠯ᠎ᠠ᠃
ᠮᠥᠨ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠦᠨᠳᠦᠰᠦᠨ ᠦ ᠶᠡᠬᠡ ᠪᠠᠶᠠᠷ ᠨᠠᠭᠠᠳᠤᠮ ᠤᠨ ᠱᠠᠭ᠎ᠠ ᠢᠢᠨ ᠬᠠᠷᠪᠤᠭᠠᠨ ᠤ ᠲᠡᠮᠡᠴᠡᠭᠡᠨ ᠳᠥ ᠨᠢᠭᠡ᠂ ᠬᠣᠶᠠᠷ᠂ ᠭᠤᠷᠪᠠᠳᠤᠭᠠᠷ ᠪᠠᠢᠢᠷᠢ ᠡᠵᠡᠯᠡᠭᠰᠡᠨ ᠪᠠᠭ ᠤᠨ ᠠᠬᠠᠯᠠᠭᠴᠢᠳ ᠲᠤ ᠱᠠᠩᠨᠠᠯ ᠭᠠᠷᠳᠠᠭᠤᠯᠤᠯ᠎ᠠ᠃