Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠦᠨᠳᠦᠰᠦᠨ ᠦ ᠶᠡᠬᠡ ᠪᠠᠶᠠᠷ ᠨᠠᠭᠠᠳᠤᠮ ᠢ ᠬᠠᠭᠠᠵᠤ ᠦᠭᠡ ᠬᠡᠯᠡᠯ᠎ᠡ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠥᠨᠥᠳᠥᠷ ᠲᠤᠯᠭᠤᠷ ᠲᠥᠷᠦ ᠢᠢᠨ 2229᠂ ᠶᠡᠬᠡ ᠮᠣᠩ᠋ᠭᠣᠯ ᠤᠯᠤᠰ ᠤᠨ 814᠂ ᠠᠷᠠᠳ ᠤᠨ ᠬᠤᠪᠢᠰᠬᠠᠯ ᠤᠨ 99 ᠵᠢᠯ ᠦᠨ ᠣᠢ ᠢᠢᠨ ᠦᠨᠳᠦᠰᠦᠨ ᠦ ᠶᠡᠬᠡ ᠪᠠᠶᠠᠷ ᠨᠠᠭᠠᠳᠤᠮ ᠢ ᠬᠠᠭᠠᠵᠤ ᠦᠭᠡ ᠬᠡᠯᠡᠯ᠎ᠡ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠦᠨᠳᠦᠰᠦᠨ ᠦ ᠶᠡᠬᠡ ᠪᠠᠶᠠᠷ ᠨᠠᠭᠠᠳᠤᠮ ᠢ ᠬᠠᠭᠠᠵᠤ ᠄

《ᠨᠠᠭᠠᠳᠤᠮᠴᠢᠨ ᠣᠯᠠᠨ ᠮᠣᠩᠭᠣᠯᠴᠤᠳ ᠠ᠋᠂
ᠳᠡᠯᠡᠬᠡᠢ ᠳᠠᠶᠠᠭᠠᠷ ᠲᠤ ᠲᠠᠷᠬᠠᠨ ᠰᠠᠭᠤᠷᠢᠰᠢᠭ᠌ᠰᠠᠨ ᠮᠣᠩ᠋ᠭᠣᠯ ᠲᠤᠭᠤᠷᠭᠠᠲᠠᠨ ᠨᠤᠭᠤᠳ ᠠ᠋᠂

ᠡᠪᠦᠭᠡᠳ ᠳᠡᠭᠡᠳᠦᠰ ᠮᠢᠨᠢ ᠲᠤᠯᠭᠤᠷ ᠲᠥᠷᠦ ᠪᠠᠢᠢᠭᠤᠯᠤᠭᠳᠠᠭᠰᠠᠨ ᠴᠠᠭ ᠦᠶ᠎ᠡ ᠡᠴᠡ ᠡᠬᠢᠯᠡᠨ ᠡᠷ᠎ᠡ ᠢᠢᠨ ᠭᠤᠷᠪᠠᠨ ᠨᠠᠭᠠᠳᠤᠮ ᠢᠶᠠᠨ ᠠᠯᠭᠠᠰᠠᠯ ᠦᠭᠡᠢ ᠬᠢᠵᠦ ᠢᠷᠡᠭᠰᠡᠨ ᠤᠯᠠᠮᠵᠢᠯᠠᠯ ᠢ ᠪᠠᠷᠢᠮᠲᠠᠯᠠᠵᠤ᠂ ᠲᠡᠦᠬᠡ ᠢᠢ ᠲᠠᠰᠤᠯᠵᠤ᠂ ᠶᠣᠰᠣ ᠢᠢ ᠠᠯᠠᠳᠠᠬᠤ ᠦᠭᠡᠢ ᠢ ᠬᠢᠴᠢᠶᠡᠨ ᠡᠨᠡ ᠵᠢᠯ ᠦᠨ ᠨᠠᠭᠠᠳᠤᠮ ᠢᠶᠠᠨ ᠵᠣᠬᠢᠶᠠᠨ ᠪᠠᠢᠢᠭᠤᠯᠤᠯ᠎ᠠ᠃ ᠡᠨᠡ ᠵᠢᠯ ᠦᠨ ᠦᠨᠳᠦᠰᠦᠨ ᠦ ᠶᠡᠬᠡ ᠪᠠᠶᠠᠷ ᠨᠠᠭᠠᠳᠤᠮ ᠢ ᠵᠣᠬᠢᠶᠠᠨ ᠪᠠᠢᠢᠭᠤᠯᠤᠭᠰᠠᠨ ᠨᠡᠢᠢᠲᠡ ᠪᠠᠢᠢᠭᠤᠯᠤᠯᠭ᠎ᠠ᠂ ᠬᠤᠪᠢ ᠬᠦᠮᠦᠰ ᠲᠥ ᠲᠠᠯᠠᠷᠬᠠᠯ ᠢᠯᠡᠷᠬᠡᠢᠢᠯᠡᠶ᠎ᠡ᠃

ᠮᠣᠩ᠋ᠭᠣᠯ ᠨᠠᠭᠠᠳᠤᠮ ᠪᠣᠯ ᠮᠣᠩ᠋ᠭᠣᠯ ᠲᠦᠮᠡᠨ ᠦ ᠴᠡᠩᠭᠡᠯ ᠦᠨ ᠮᠠᠩᠯᠠᠢ᠂ ᠥᠪ ᠶᠡᠬᠡ ᠰᠤᠶᠤᠯ᠂ ᠪᠠᠷᠠᠭᠳᠠᠰᠢ ᠦᠭᠡᠢ ᠤᠯᠠᠮᠵᠢᠯᠠᠯ᠂ ᠦᠭᠡᠢᠢᠰᠬᠡᠰᠢ ᠦᠭᠡᠢ ᠶᠣᠰᠣ ᠵᠠᠩᠰᠢᠯ ᠤᠨ ᠴᠣᠭᠴᠠ ᠶᠤᠮ᠃ ᠨᠠᠭᠠᠳᠤᠮ ᠮᠣᠩ᠋ᠭᠣᠯᠴᠤᠳ ᠤᠨ ᠡᠪ ᠨᠢᠭᠡᠳᠦᠯ ᠢ ᠪᠠᠲᠤᠳᠬᠠᠵᠤ᠂ ᠦᠨᠳᠦᠰᠦᠨ ᠦ ᠪᠠᠬᠠᠷᠬᠠᠯ ᠢ ᠰᠡᠷᠢᠭᠡᠳᠡᠭ᠃ ᠲᠦᠮᠡᠨ ᠵᠢᠯ ᠳᠥ ᠮᠥᠬᠥᠭᠡ ᠦᠭᠡᠢ ᠨᠡᠭᠦᠳᠡᠯᠴᠢᠳ ᠦᠨ ᠠᠤᠭ᠎ᠠ ᠶᠡᠬᠡ ᠰᠤᠶᠤᠯ ᠢᠶᠠᠨ ᠦᠶ᠎ᠡ ᠡᠴᠡ ᠦᠶ᠎ᠡ ᠳᠥ ᠤᠯᠠᠮᠵᠢᠯᠠᠨ᠂ ᠲᠥᠷᠥ ᠢᠢᠨ ᠶᠡᠬᠡ ᠰᠦᠯᠳᠡ ᠢᠢ ᠴᠢᠩᠭᠢᠭᠦᠯᠵᠦ᠂ ᠨᠠᠭᠠᠳᠤᠮᠴᠢᠨ ᠣᠯᠠᠨ ᠢᠶᠠᠨ ᠪᠠᠶᠠᠰᠬᠠᠨ ᠬᠦᠴᠦ᠂ ᠬᠤᠷᠳᠤ᠂ ᠴᠡᠴᠡ ᠮᠡᠷᠭᠡᠨ ᠢᠶᠡᠨ ᠰᠣᠷᠢᠳᠠᠭ ᠵᠣᠨ ᠣᠯᠠᠨ ᠤ ᠮᠠᠨᠢ ᠰᠤᠶᠤᠯ ᠤᠯᠠᠮᠵᠢᠯᠠᠯ ᠪᠢᠯᠡ᠃

ᠡᠨᠡ ᠵᠢᠯ ᠦᠨ ᠣᠨᠴᠠᠯᠢᠭ ᠪᠠᠢᠢᠳᠠᠯ ᠢ ᠬᠠᠷᠠᠭᠠᠯᠵᠠᠨ ᠲᠠᠯ᠎ᠠ ᠢᠢᠨ ᠮᠣᠩ᠋ᠭᠣᠯᠴᠤᠳ ᠮᠠᠨᠢ ᠲᠠᠯ᠎ᠠ ᠨᠤᠲᠤᠭ ᠲᠤ ᠪᠠᠨ ᠰᠠᠢᠢᠬᠠᠨ ᠨᠠᠭᠠᠳᠴᠤ᠂ 21 ᠠᠢᠢᠮᠠᠭ᠂ 330 ᠰᠤᠮᠤᠨ ᠳᠤ ᠪᠠᠨ ᠮᠣᠩ᠋ᠭᠣᠯ ᠣᠷᠣᠨ ᠳᠠᠶᠠᠭᠠᠷ ᠡᠷ᠎ᠡ ᠢᠢᠨ ᠭᠤᠷᠪᠠᠨ ᠨᠠᠭᠠᠳᠤᠮ ᠢᠶᠠᠨ ᠦᠵᠡᠵᠦ ᠪᠠᠶᠠᠰᠤᠨ ᠠᠷᠠᠳ ᠣᠯᠠᠨ ᠢᠶᠠᠷ ᠢᠶᠠᠨ ᠨᠢᠭᠡᠨ ᠵᠡᠷᠭᠡ ᠨᠠᠭᠠᠳᠤᠯ᠎ᠠ᠃

ᠡᠷᠡᠮᠡᠭᠡᠢ ᠪᠥᠬᠡᠴᠦᠳ ᠢᠶᠡᠨ ᠦᠵᠡᠨ ᠪᠠᠶᠠᠰᠴᠤ᠂ ᠰᠢᠨᠳᠠᠰᠤᠲᠤ ᠬᠦᠯᠦᠭ ᠦᠨ ᠢᠶᠡᠨ ᠬᠤᠷᠳᠤ ᠬᠦᠴᠦ ᠢᠢ ᠰᠣᠷᠢᠵᠤ᠂ ᠡᠷᠡᠬᠡᠢ ᠮᠡᠷᠭᠡᠳ ᠴᠡᠴᠡ ᠪᠡᠨ ᠭᠠᠢᠢᠬᠠᠭᠤᠯᠬᠤ ᠢᠢ ᠬᠠᠷᠠᠵᠤ ᠪᠠᠶᠠᠰᠬᠤ ᠠᠴᠠ ᠢᠯᠡᠭᠦᠦ ᠰᠠᠢᠢᠬᠠᠨ ᠵᠦᠢᠯ ᠦᠭᠡᠢ ᠪᠢᠯᠡ᠃ ᠮᠣᠩ᠋ᠭᠣᠯ ᠦᠨᠳᠦᠰᠦᠲᠡᠨ ᠪᠠᠢᠢᠭᠰᠠᠨ ᠴᠠᠭ ᠲᠤ ᠮᠣᠩ᠋ᠭᠣᠯ ᠨᠠᠭᠠᠳᠤᠮ ᠲᠠᠰᠤᠯᠳᠠᠬᠤ ᠶᠣᠰᠣ ᠦᠭᠡᠢ ᠢᠢ ᠪᠢᠳᠡ ᠪᠠᠲᠤ ᠲᠠᠢ ᠣᠢᠢᠯᠠᠭᠠᠯ᠎ᠠ᠃

ᠲᠤᠰᠠᠭᠠᠷ ᠲᠣᠭᠲᠠᠨᠢᠯ ᠶᠠᠭᠤᠨ ᠤ ᠡᠮᠦᠨ᠎ᠡ ᠥᠪᠡᠷ ᠦᠨ ᠭᠡᠬᠦ ᠲᠡᠦᠬᠡ᠂ ᠥᠪ ᠰᠣᠶᠣᠯ ᠢᠶᠠᠷ᠂ ᠦᠨᠳᠦᠰᠦᠨ ᠦ ᠶᠡᠬᠡ ᠪᠠᠬᠠᠷᠬᠠᠯ ᠢᠶᠠᠷ ᠬᠡᠮᠵᠢᠭᠳᠡᠨ᠎ᠡ᠃ ᠲᠤᠰᠠᠭᠠᠷ ᠲᠣᠭᠲᠠᠨᠢᠯ ᠢ ᠪᠡᠬᠢᠵᠢᠭᠦᠯᠬᠦ ᠳᠥ ᠦᠨᠳᠦᠰᠦᠲᠡᠨ ᠦ ᠡᠪ ᠨᠢᠭᠡᠳᠦᠯ ᠶᠠᠭᠤᠨ ᠠᠴᠠ ᠴᠤ ᠢᠯᠡᠭᠦᠦ ᠦᠨᠡᠲᠡᠢ ᠪᠥᠭᠡᠳ ᠡᠭᠦᠨ ᠢ ᠴᠠᠭ ᠮᠥᠴᠡ ᠪᠦᠷᠢ ᠲᠣᠷᠳᠠᠨ ᠪᠠᠲᠤᠳᠬᠠᠵᠤ ᠪᠠᠢᠢᠬᠤ ᠢᠢᠨ ᠴᠢᠬᠤᠯᠠ ᠢᠢ ᠡᠨᠡ ᠵᠢᠯ ᠦᠨ ᠨᠠᠭᠠᠳᠤᠮ ᠳᠠᠬᠢᠨ ᠨᠣᠲᠠᠯᠠᠨ ᠬᠠᠷᠠᠭᠤᠯᠤᠯ᠎ᠠ᠃

ᠡᠭᠦᠨ ᠢ ᠪᠢ ᠡᠨᠡ ᠵᠢᠯ ᠦᠨ ᠨᠠᠭᠠᠳᠤᠮ ᠤᠨ ᠭᠣᠣᠯ ᠣᠯᠤᠯᠲᠠ ᠬᠡᠮᠡᠨ ᠦᠵᠡᠵᠦ ᠪᠠᠢᠢᠨ᠎ᠠ᠃ ᠨᠠᠭᠠᠳᠤᠮᠴᠢᠨ ᠣᠯᠠᠨ ᠳᠤ ᠪᠠᠨ ᠪᠠᠶᠠᠷᠯᠠᠯ᠎ᠠ᠃ ᠰᠠᠢᠢᠬᠠᠨ ᠨᠠᠭᠠᠳᠤᠭᠠᠷᠠᠢ᠃

ᠮᠥᠩᠬᠡ ᠲᠩᠷᠢ ᠢᠢᠨ ᠢᠶᠡᠨ ᠬᠦᠴᠦᠨ ᠳᠣᠣᠷ᠎ᠠ ᠮᠢᠩ᠋ᠭ᠎ᠠ ᠮᠢᠩ᠋ᠭᠠᠨ ᠵᠢᠯ ᠦᠷᠭᠦᠯᠵᠢᠯᠡᠬᠦ ᠮᠣᠩ᠋ᠭᠣᠯ ᠨᠠᠭᠠᠳᠤᠮ ᠮᠠᠨᠢ ᠡᠢᠢᠨ ᠬᠦ ᠵᠢᠷᠭᠠᠵᠤ ᠪᠠᠢᠢᠨ᠎ᠠ》 ᠭᠡᠯ᠎ᠡ᠃