Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ 2020-2021 ᠣᠨ ᠤ ᠬᠢᠴᠢᠶᠡᠯ ᠦᠨ ᠰᠢᠨ᠎ᠡ ᠵᠢᠯ ᠦᠨ ᠨᠡᠭᠡᠭᠡᠯᠲᠡ ᠢᠢ ᠲᠣᠬᠢᠶᠠᠯᠳᠤᠭᠤᠯᠤᠨ ᠮᠡᠨᠳᠦᠴᠢᠯᠡᠭᠡ ᠳᠡᠪᠰᠢᠭᠦᠯᠦᠯ᠎ᠡ

2020-2021 ᠣᠨ ᠤ ᠬᠢᠴᠢᠶᠡᠯ ᠦᠨ ᠰᠢᠨ᠎ᠡ ᠵᠢᠯ ᠦᠨ ᠨᠡᠭᠡᠭᠡᠯᠲᠡ ᠢᠢ ᠲᠣᠬᠢᠶᠠᠯᠳᠤᠭᠤᠯᠤᠨ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬᠠᠯᠲᠠᠮ᠎ᠠ ᠢᠢᠨ ᠪᠠᠲᠤᠲᠤᠯᠭ᠎ᠠ ᠮᠡᠨᠳᠦᠴᠢᠯᠡᠭᠡ ᠳᠡᠪᠰᠢᠭᠦᠯᠦᠯ᠎ᠡ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠮᠡᠨᠳᠦᠴᠢᠯᠡᠭᠡᠨ ᠳᠦᠷ᠄

《ᠮᠣᠩ᠋ᠭᠣᠯ ᠤᠨ ᠢᠷᠡᠭᠡᠳᠦᠢ ᠰᠤᠷᠤᠭᠴᠢ ᠪᠠᠭᠠᠴᠤᠳ᠂ ᠣᠶᠤᠲᠠᠨ ᠵᠠᠯᠠᠭᠤᠰ ᠠ᠋᠂
ᠡᠷᠳᠡᠮᠲᠦ ᠪᠠᠭᠰᠢ᠂ ᠰᠤᠷᠭᠠᠨ ᠬᠦᠮᠦᠵᠢᠭᠦᠯᠦᠭᠴᠢᠳ᠂ ᠡᠴᠢᠭᠡ ᠡᠬᠡᠴᠦᠳ ᠡ᠂

ᠲᠠ ᠪᠦᠬᠦᠨ ᠳᠥ ᠪᠡᠨ ᠵᠢᠯ ᠪᠦᠷᠢ ᠢᠢᠨ ᠨᠠᠮᠤᠷ ᠬᠦᠮᠦᠨ ᠪᠦᠷᠢ ᠢᠢᠨ ᠬᠦᠰᠡᠨ ᠬᠦᠯᠢᠶᠡᠵᠦ᠂ ᠳᠣᠭᠳᠣᠯᠤᠨ ᠤᠭᠲᠤᠳᠠᠭ ᠶᠢᠰᠦᠳᠦᠭᠡᠷ ᠰᠠᠷ᠎ᠠ ᠢᠢᠨ ᠨᠢᠭᠡᠨ ᠦ ᠡᠳᠦᠷ ᠦᠨ ᠮᠡᠨᠳᠦ ᠢᠢ ᠳᠡᠪᠰᠢᠭᠦᠯᠦᠶ᠎ᠡ᠃

ᠶᠢᠰᠦᠳᠦᠭᠡᠷ ᠰᠠᠷ᠎ᠠ ᠢᠢᠨ ᠨᠢᠭᠡᠨ ᠪᠣᠯ ᠡᠷᠳᠡᠮ ᠦᠨ ᠪᠠᠶᠠᠷ ᠬᠡᠮᠡᠨ ᠳᠠᠭᠤᠯᠠᠵᠤ ᠥᠰᠦᠭᠰᠡᠨ᠂ ᠬᠦᠮᠦᠨ ᠪᠦᠷᠢ ᠳᠥ ᠡᠷᠳᠡᠮ ᠨᠣᠮ ᠳᠤ ᠲᠡᠮᠡᠦᠯᠬᠦ ᠢᠢᠨ ᠪᠠᠶᠠᠷ ᠵᠢᠷᠭᠠᠯ ᠢ ᠮᠡᠳᠡᠷᠡᠭᠦᠯᠳᠡᠭ ᠭᠡᠭᠡᠨ ᠡᠳᠦᠷ᠃ ᠪᠠᠰᠠ ᠡᠵᠢ ᠠᠪᠤ ᠢᠢᠨ ᠡᠩᠬᠦᠷᠡᠢᠢᠬᠡᠨ ᠪᠢᠴᠢᠬᠠᠨ ᠦᠷᠡᠰ ᠡᠷᠳᠡᠮ ᠳᠥ ᠬᠥᠲᠥᠯᠬᠦ ᠪᠠᠭᠰᠢ ᠨᠠᠷ ᠤᠨ ᠢᠶᠠᠨ ᠭᠠᠷ ᠠᠴᠠ ᠠᠳᠬᠤᠨ᠂ ᠡᠷᠳᠡᠮ ᠦᠨ ᠥᠷᠭᠦᠭᠡᠨ ᠳᠥ ᠠᠯᠬᠤᠵᠤ ᠣᠷᠣᠳᠠᠭ ᠠᠩᠬᠠᠨ ᠤ ᠡᠳᠦᠷ᠃

ᠮᠡᠳᠡᠯᠭᠡ ᠪᠣᠯ ᠬᠦᠮᠦᠨ ᠲᠠᠨ ᠤ ᠨᠠᠰᠤᠨ ᠲᠤᠷᠰᠢ ᠢᠢᠨ ᠠᠮᠢᠳᠤᠷᠠᠯ ᠤᠨ ᠴᠢᠨᠠᠷ ᠢ ᠳᠡᠭᠡᠭ᠍ᠰᠢᠯᠡᠭᠦᠯᠬᠦ ᠦᠨᠳᠦᠰᠦ ᠪᠣᠯᠳᠠᠭ ᠬᠠᠮᠤᠭ ᠤᠨ ᠠᠭᠤᠤ ᠬᠦᠴᠦ᠃ ᠮᠡᠳᠡᠯᠭᠡ ᠳᠥ ᠲᠡᠮᠡᠦᠯᠦᠭᠰᠡᠨ ᠬᠡᠦᠬᠡᠳ ᠪᠠᠭᠠᠴᠤᠳ᠂ ᠣᠶᠤᠲᠠᠨ ᠵᠠᠯᠠᠭᠤᠰ ᠲᠤ ᠪᠠᠨ ᠲᠠᠯᠠᠷᠬᠠᠯ ᠢᠯᠡᠷᠬᠡᠢᠢᠯᠡᠵᠦ᠂ ᠡᠷᠳᠡᠮ ᠮᠡᠳᠡᠯᠭᠡ ᠢᠢᠨ ᠥᠭᠯᠢᠭᠡᠴᠢ ᠪᠠᠭᠰᠢ ᠲᠠᠨ ᠳᠤ ᠮᠥᠷᠭᠥᠶ᠎ᠡ᠃

ᠳᠡᠯᠡᠬᠡᠢ ᠳᠠᠬᠢᠨ ᠳᠤ ᠲᠠᠷᠬᠠᠭᠰᠠᠨ ᠺᠣᠷᠤᠨᠠᠸᠢᠷᠦ᠋ᠰᠲᠦ ᠬᠠᠯᠳᠠᠪᠤᠷᠢ ᠢᠢᠨ ᠴᠠᠷ᠎ᠠ ᠲᠠᠬᠤᠯ ᠤᠨ ᠤᠯᠠᠮ ᠠᠴᠠ ᠮᠠᠨ ᠤ ᠣᠷᠣᠨ ᠳᠤ ᠪᠦᠬᠦ ᠱᠠᠲᠤᠨ ᠤ ᠰᠤᠷᠭᠠᠭᠤᠯᠢ᠂ ᠴᠡᠴᠡᠷᠯᠢᠭ ᠦᠨ ᠦᠢᠯᠡ ᠠᠵᠢᠯᠯᠠᠭ᠎ᠠ ᠢᠢ ᠵᠣᠭᠰᠣᠭᠠᠵᠤ᠂ ᠰᠤᠷᠭᠠᠯᠲᠠ ᠢᠢ ᠴᠠᠬᠢᠮ ᠬᠡᠯᠪᠡᠷᠢ ᠳᠥ ᠰᠢᠯᠵᠢᠭᠦᠯᠦᠭᠡᠳ ᠤᠳᠠᠵᠤ ᠪᠠᠢᠢᠨ᠎ᠠ᠃ ᠥᠨᠥᠳᠥᠷ ᠴᠤ ᠭᠡᠰᠡᠨ ᠺᠣᠷᠤᠨᠠᠸᠢᠷᠦ᠋ᠰᠲᠦ ᠬᠠᠯᠳᠠᠪᠤᠷᠢ ᠢᠢᠨ ᠴᠠᠷ᠎ᠠ ᠲᠠᠬᠤᠯ ᠤᠨ ᠬᠣᠷᠢᠭ᠎ᠠ ᠴᠡᠭᠡᠷ ᠬᠡᠪ ᠢᠶᠡᠷ ᠬᠠᠳᠠᠭᠠᠯᠠᠭᠳᠠᠵᠤ᠂ ᠪᠦᠬᠦ ᠱᠠᠲᠤᠨ ᠤ ᠰᠤᠷᠭᠠᠭᠤᠯᠢ᠂ ᠴᠡᠴᠡᠷᠯᠢᠭ ᠦᠨ ᠬᠢᠴᠢᠶᠡᠯ᠂ ᠰᠤᠷᠭᠠᠯᠲᠠ ᠢᠢᠨ ᠦᠢᠯᠡ ᠠᠵᠢᠯᠯᠠᠭ᠎ᠠ ᠢᠢ ᠲᠠᠩᠬᠢᠮ ᠤᠨ ᠪᠣᠯᠤᠨ ᠲᠠᠩᠬᠢᠮ ᠤᠨ ᠪᠤᠰᠤ ᠬᠣᠣᠰᠯᠠᠭᠰᠠᠨ ᠬᠡᠯᠪᠡᠷᠢ ᠪᠡᠷ ᠦᠶ᠎ᠡ ᠱᠠᠲᠤ ᠲᠠᠢ ᠪᠠᠷ ᠵᠣᠬᠢᠶᠠᠨ ᠪᠠᠢᠢᠭᠤᠯᠬᠤ ᠪᠠᠷ ᠪᠣᠯᠵᠤ᠂ ᠬᠢᠴᠢᠶᠡᠯ ᠦᠨ ᠰᠢᠨ᠎ᠡ ᠵᠢᠯ 《ᠴᠢᠮᠡᠭᠡᠭᠦᠢᠢᠬᠡᠨ》 ᠡᠬᠢᠯᠡᠵᠦ ᠪᠠᠢᠢᠨ᠎ᠠ᠃

ᠮᠢᠨᠦ ᠬᠤᠪᠢ ᠳᠤ ᠣᠨ ᠤ ᠡᠬᠢᠨ ᠡᠴᠡ ᠪᠦᠬᠦ ᠨᠡᠢᠢᠲᠡ ᠪᠡᠷ ᠬᠡᠷᠡᠭᠵᠢᠭᠦᠯᠵᠦ ᠡᠬᠢᠯᠡᠭᠰᠡᠨ ᠴᠠᠬᠢᠮ ᠰᠤᠷᠭᠠᠯᠲᠠ ᠢᠢᠨ ᠴᠢᠨᠠᠷ᠂ ᠦᠷ᠎ᠡ ᠳ᠋ᠦᠩ᠂ ᠥᠭ᠍ᠭᠦᠭᠡᠵᠢ ᠶᠠᠮᠠᠷ ᠪᠠᠢᠢᠭ᠎ᠠ ᠢᠢ ᠬᠡᠯᠡᠬᠦ ᠳᠥ ᠪᠡᠷᠬᠡ᠃ ᠪᠠᠰᠠ ᠠᠢᠢᠳᠠᠰ ᠬᠦᠢᠳᠡᠰᠦ ᠪᠤᠢ ᠪᠣᠯᠭᠠᠭᠰᠠᠨ ᠺᠣᠷᠤᠨᠠᠸᠢᠷᠦ᠋ᠰᠲᠦ ᠬᠠᠯᠳᠠᠪᠤᠷᠢ ᠢᠢᠨ ᠴᠠᠷ᠎ ᠲᠠᠬᠤᠯ ᠳᠡᠯᠡᠬᠡᠢ ᠨᠡᠢᠢᠲᠡ ᠪᠡᠷ ᠶᠠᠮᠠᠷ ᠬᠤᠭᠤᠴᠠᠭᠠᠨ ᠳᠤ ᠦᠷᠭᠦᠯᠵᠢᠯᠡᠬᠦ ᠢᠢ ᠬᠡᠨ ᠴᠤ ᠬᠡᠯᠡᠵᠦ ᠴᠢᠳᠠᠬᠤ ᠦᠭᠡᠢ ᠪᠠᠢᠢᠨ᠎ᠠ᠃ ᠭᠠᠭᠴᠠ ᠬᠦ ᠡᠭᠦᠨ ᠡᠴᠡ ᠪᠣᠯᠵᠤ ᠰᠤᠷᠤᠯᠴᠠᠭᠴᠢᠳ ᠤᠨ ᠲᠠᠩᠬᠢᠮ ᠤᠨ ᠰᠤᠷᠭᠠᠯᠲᠠ ᠢᠢᠨ ᠦᠷᠭᠦᠯᠵᠢᠯᠡᠬᠦ ᠴᠠᠭ ᠬᠤᠭᠤᠴᠠᠭ᠎ᠠ᠂ ᠬᠥᠲᠥᠯᠪᠦᠷᠢ ᠠᠭᠤᠯᠭ᠎ᠠ ᠬᠢᠵᠠᠭᠠᠷᠯᠠᠭᠳᠠᠵᠤ᠂ ᠬᠡᠦᠬᠡᠳ᠂ ᠵᠠᠯᠠᠭᠤᠴᠤᠳ ᠤᠨ ᠰᠤᠷᠴᠤ ᠪᠣᠯᠪᠠᠰᠤᠷᠠᠬᠤ ᠠᠰᠤᠷᠤ ᠶᠡᠬᠡ ᠪᠣᠯᠤᠮᠵᠢ ᠠᠯᠳᠠᠭᠳᠠᠵᠤ ᠪᠠᠢᠢᠨ᠎ᠠ ᠭᠡᠳᠡᠭ ᠢ ᠯᠠ ᠮᠡᠳᠡᠷᠡᠵᠦ᠂ ᠰᠠᠨᠠᠭ᠎ᠠ ᠵᠣᠪᠠᠵᠤ ᠪᠠᠢᠢᠨ᠎ᠠ᠃

ᠮᠠᠨ ᠤ ᠳᠤ ᠴᠠᠬᠢᠮ ᠬᠢᠴᠢᠶᠡᠯ ᠢ ᠪᠡᠯᠡᠳᠬᠡᠬᠦ᠂ ᠪᠣᠯᠪᠠᠰᠤᠷᠠᠭᠤᠯᠬᠤ᠂ ᠬᠥᠭ᠍ᠵᠢᠭᠦᠯᠬᠦ᠂ ᠦᠨᠡᠯᠡᠬᠦ᠂ ᠬᠠᠷᠢᠯᠴᠠᠨ ᠬᠦᠯᠢᠶᠡᠨ ᠵᠦᠪᠰᠢᠶᠡᠷᠡᠬᠦ ᠨᠢᠭᠡᠳᠦᠭᠰᠡᠨ ᠰᠲ᠋ᠠᠨ᠋ᠳᠠᠷᠲ᠂ ᠠᠷᠭᠠᠴᠢᠯᠠᠯ ᠪᠠᠢᠢᠨ᠎ᠠ ᠤᠤ? ᠰᠤᠷᠭᠠᠭᠤᠯᠢ ᠨᠤᠭᠤᠳ ᠲᠤ ᠴᠠᠬᠢᠮ ᠰᠤᠷᠭᠠᠯᠲᠠ ᠢᠢᠨ ᠨᠢᠭᠡᠳᠦᠭᠰᠡᠨ ᠫᠯᠠᠲ᠋ᠹᠣᠷᠮ᠂ ᠠᠩᠭᠢ᠂ ᠲᠠᠩᠬᠢᠮ᠂ ᠯᠠᠪᠤᠷᠠᠲ᠋ᠣᠷᠢ᠂ ᠰᠲ᠋ᠦ᠋ᠳᠢ᠂ ᠲᠣᠨᠣᠭ ᠲᠥᠬᠥᠭᠡᠷᠦᠮᠵᠢ᠂ ᠫᠷᠣᠭᠷᠠᠮ ᠬᠠᠩ᠋ᠭᠠᠮᠵᠢ ᠬᠠᠩ᠋ᠭᠠᠯᠲᠠ ᠲᠠᠢ ᠪᠠᠢᠢᠨ᠎ᠠ ᠤᠤ? ᠰᠤᠷᠤᠯᠴᠠᠭᠴᠢᠳ ᠤᠨ ᠠᠯᠳᠠᠭᠳᠠᠭᠰᠠᠨ ᠪᠣᠯᠤᠮᠵᠢ ᠢᠢ ᠬᠡᠷᠬᠢᠨ ᠶᠠᠭᠠᠬᠢᠵᠤ ᠨᠥᠬᠥᠬᠥ ᠪᠤᠢ? ᠴᠠᠬᠢᠮ ᠰᠤᠷᠭᠠᠯᠲᠠ ᠢᠢᠨ ᠬᠦᠷᠲᠡᠭᠡᠮᠵᠢ᠂ ᠪᠣᠯᠤᠮᠵᠢ ᠮᠠᠭᠤ ᠲᠠᠢ ᠪᠠᠢᠢᠭ᠎ᠠ ᠢᠢ ᠶᠠᠭᠤ ᠪᠠᠷ ᠣᠷᠣᠯᠠᠭᠤᠯᠬᠤ ᠪᠤᠢ? ᠪᠦᠭᠦᠳᠡ ᠠᠰᠠᠭᠤᠯᠲᠠ ᠢᠢᠨ ᠲᠡᠮᠳᠡᠭ ᠲᠡᠢ ᠪᠠᠢᠢᠨ᠎ᠠ᠃

ᠪᠡᠯᠡᠨ ᠪᠢᠰᠢ ᠪᠠᠢᠢᠳᠠᠯ ᠤᠨ ᠦᠷ᠎ᠡ ᠳᠠᠭᠠᠪᠤᠷᠢ ᠢᠢ ᠵᠥᠪᠬᠡᠨ ᠪᠠᠭᠰᠢ ᠨᠠᠷ ᠡᠭᠦᠷᠴᠦ᠂ ᠬᠡᠦᠬᠡᠳ ᠵᠠᠯᠠᠭᠤᠴᠤᠳ ᠬᠣᠬᠢᠷᠠᠵᠤ ᠦᠯᠡᠳᠡᠬᠦ ᠳᠥ ᠬᠦᠷᠴᠦ ᠪᠠᠢᠢᠭ᠎ᠠ ᠨᠢ ᠦᠨᠡᠨ᠃ ᠲᠡᠷᠡ ᠴᠤ ᠪᠤᠤ ᠬᠡᠯᠡ ᠬᠣᠷᠢᠭᠠᠨ ᠳᠤ ᠣᠷᠣᠭᠰᠠᠨ ᠬᠡᠦᠬᠡᠳ ᠦᠳ ᠤᠲᠠᠰᠤ᠂ ᠳᠡᠯᠭᠡᠴᠡ ᠡᠴᠡ ᠰᠠᠯᠠᠬᠤ ᠪᠠᠨ ᠪᠠᠢᠢᠵᠤ᠂ ᠡᠴᠦᠰᠦ ᠳᠡᠭᠡᠨ ᠰᠡᠳᠬᠢᠴᠡ ᠢᠢᠨ ᠡᠮᠭᠡᠭ ᠲᠡᠢ ᠪᠣᠯᠵᠤ ᠡᠷᠡᠭᠦᠯ ᠮᠡᠨᠳᠦ ᠪᠡᠷ ᠢᠶᠡᠨ ᠬᠣᠬᠢᠷᠠᠬᠤ ᠳᠤ ᠬᠦᠷᠴᠦ ᠪᠠᠢᠢᠭ᠎ᠠ ᠢᠢ ᠠᠩᠵᠠᠭᠠᠷᠠᠬᠤ ᠦᠭᠡᠢ ᠥᠩᠭᠡᠷᠡᠵᠦ ᠣᠭᠲᠣ ᠪᠣᠯᠬᠤ ᠦᠭᠡᠢ᠃ ᠲᠡᠭᠡᠬᠦ ᠪᠡᠷ ᠲᠥᠷᠥ ᠵᠠᠰᠠᠭ ᠲᠡᠳᠦᠢ ᠦᠭᠡᠢ ᠮᠡᠳᠡᠯᠭᠡ ᠢᠢᠨ ᠥᠭᠯᠢᠭᠡᠴᠢ ᠪᠠᠭᠰᠢ ᠨᠠᠷ᠂ ᠮᠡᠳᠡᠯᠭᠡ ᠳᠥ ᠲᠡᠮᠡᠦᠯᠦᠭᠰᠡᠨ ᠬᠡᠦᠬᠡᠳ ᠪᠠᠭᠠᠴᠤᠳ᠂ ᠣᠶᠤᠲᠠᠨ ᠵᠠᠯᠠᠭᠤᠰ᠂ ᠠᠪᠤ ᠡᠵᠢ ᠨᠦᠭᠦᠳ ᠪᠢᠳᠡ ᠨᠢᠭᠡ ᠢᠢ ᠪᠣᠳᠣᠬᠤ ᠴᠠᠭ ᠪᠣᠯᠵᠡᠢ᠃

ᠨᠥᠬᠥᠴᠡᠯ ᠪᠠᠢᠢᠳᠠᠯ ᠶᠠᠮᠠᠷ ᠪᠠᠢᠢᠭ᠎ᠠ ᠠᠴᠠ ᠬᠠᠮᠢᠶᠠᠷᠬᠤ ᠦᠭᠡᠢ ᠪᠡᠷ ᠰᠤᠷᠬᠤ᠂ ᠮᠡᠳᠡᠬᠦ᠂ ᠳᠠᠳᠬᠤ ᠴᠢᠭᠯᠡᠯ ᠢ ᠲᠤᠭᠤᠰᠢᠲᠠᠢ ᠪᠠᠷᠢᠮᠲᠠᠯᠠᠪᠠᠯ 《ᠮᠡᠳᠡᠬᠦ ᠦᠭᠡᠢ ᠴᠢᠳᠠᠬᠤ ᠦᠭᠡᠢ ᠭᠡᠬᠦ ᠶᠠᠪᠤᠳᠠᠯ ᠦᠭᠡᠢ ᠪᠣᠯᠵᠤ ᠬᠠᠨᠳᠤᠬᠤ ᠵᠦᠭ ᠥᠪᠡᠷ ᠢᠶᠡᠨ ᠲᠣᠭᠲᠠᠨ᠎ᠠ》 ᠭᠡᠰᠡᠨ ᠵᠠᠩᠵᠤᠨ ᠰᠦᠬᠡᠪᠠᠭᠠᠲᠤᠷ ᠤᠨ ᠦᠭᠡ ᠢᠢ ᠪᠢ ᠡᠨᠳᠡ ᠰᠠᠨᠠᠭᠤᠯᠤᠮᠠᠷ ᠪᠠᠢᠢᠨ᠎ᠠ᠃ ᠤᠴᠢᠷ ᠨᠢ ᠮᠡᠳᠡᠯᠭᠡ ᠳᠥ ᠬᠣᠮᠰᠠᠳᠠᠯ ᠡᠭᠦᠰᠴᠦ ᠪᠠᠢᠢᠭ᠎ᠠ ᠡᠨᠡ ᠦᠶ᠎ᠡ ᠳᠥ ᠣᠶᠤᠲᠠᠨ᠂ ᠰᠤᠷᠤᠭᠴᠢᠳ᠂ ᠬᠡᠦᠬᠡᠳ ᠪᠠᠭᠠᠴᠤᠳ ᠲᠠ ᠨᠠᠷ ᠨᠣᠮ ᠰᠠᠢᠢᠨ ᠤᠩᠰᠢᠵᠤ᠂ ᠡᠬᠡ ᠬᠡᠯᠡ᠂ ᠲᠡᠦᠬᠡ ᠰᠤᠶᠤᠯ ᠢᠶᠠᠨ ᠲᠠᠨᠢᠵᠤ ᠮᠡᠳᠡᠬᠦ᠂ ᠠᠪᠤ ᠡᠵᠢ᠂ ᠡᠬᠡ ᠣᠷᠣᠨ᠂ ᠠᠷᠠᠳ ᠲᠦᠮᠡᠨ ᠳᠥ ᠪᠡᠨ ᠬᠠᠢᠢᠷ᠎ᠠ ᠡᠨᠡᠷᠢᠯ ᠲᠡᠢ᠂ ᠡᠷᠡᠯᠬᠡᠭ᠌ ᠵᠣᠷᠢᠭᠲᠠᠢ᠂ ᠡᠷᠴᠢ ᠬᠦᠴᠦᠲᠡᠢ ᠮᠣᠩ᠋ᠭᠣᠯ ᠬᠦᠮᠦᠨ ᠪᠣᠯᠵᠤ ᠲᠥᠯᠥᠪᠰᠢᠬᠦ ᠢᠢᠨ ᠲᠥᠯᠥᠭᠡ ᠡᠷᠳᠡᠮ ᠳᠥ ᠰᠢᠮᠳᠠᠵᠤ᠂ ᠬᠢᠴᠢᠶᠡᠬᠦ ᠬᠡᠷᠡᠭᠲᠡᠢ ᠪᠠᠢᠢᠨ᠎ᠠ᠃

ᠪᠢᠳᠡᠨ ᠢ ᠪᠠᠭ᠎ᠠ ᠪᠠᠢᠢᠬᠤ ᠳᠤ ᠵᠠᠪᠠᠯ ᠤᠩᠰᠢᠬᠤ ᠨᠣᠮ ᠤᠨ ᠵᠢᠭ᠌ᠰᠠᠭᠠᠯᠲᠠ ᠭᠡᠵᠦ ᠰᠤᠷᠤᠭᠴᠢᠳ ᠲᠤ ᠳᠠᠭᠠᠭᠠᠯᠭᠠᠪᠤᠷᠢ ᠥᠭᠳᠡᠭ᠂ ᠠᠪᠤ ᠡᠵᠢ ᠨᠦᠭᠦᠳ ᠨᠣᠮ ᠤᠨ ᠪᠠᠭᠰᠢ ᠵᠠᠯᠠᠵᠤ ᠬᠡᠦᠬᠡᠳ ᠦᠳ ᠲᠡᠭᠡᠨ ᠭᠡᠷ ᠢᠶᠡᠷ ᠨᠣᠮ ᠵᠢᠭᠠᠯᠭᠠᠳᠠᠭ ᠪᠠᠢᠢᠭᠰᠠᠨ ᠢ ᠰᠠᠨᠠᠵᠤ ᠪᠠᠢᠢᠨ᠎ᠠ᠃ ᠨᠠᠭᠠᠳᠤ ᠵᠠᠬ᠎ᠠ ᠨᠢ ᠡᠨᠡ ᠴᠠᠭ ᠮᠥᠴᠡ ᠳᠥ ᠲᠡᠷᠡ ᠤᠯᠠᠮᠵᠢᠯᠠᠯ ᠢ ᠰᠡᠷᠭᠦᠭᠡᠵᠦ ᠶᠠᠭᠠᠬᠢᠭᠠᠳ ᠪᠣᠯᠬᠤ ᠦᠭᠡᠢ ᠭᠡᠵᠦ? ᠬᠡᠦᠬᠡᠳ ᠵᠠᠯᠠᠭᠤᠴᠤᠳ ᠲᠠ ᠨᠠᠷ ᠡᠷᠳᠡᠮᠲᠡᠨ ᠵᠣᠬᠢᠶᠠᠯᠴᠢ ᠯ ∙ ᠲᠦᠳᠦᠪ ᠦᠨ 《ᠬᠣᠷᠸ᠎ᠠ ᠲᠠᠢ ᠲᠠᠨᠢᠯᠴᠠᠭᠰᠠᠨ ᠲᠡᠦᠬᠡ》᠂ ᠳ ∙ ᠮᠠᠮ᠎ᠠ ᠢᠢᠨ 《ᠭᠠᠵᠠᠷ ᠰᠢᠷᠣᠢ》᠂ ᠪᠠᠭᠠᠪᠠᠷ ᠤᠨ 《ᠨᠡᠭᠦᠳᠡᠯ ᠰᠠᠭᠤᠳᠠᠯ》᠂ 1772 ᠣᠨ ᠳᠤ ᠪᠢᠴᠢᠭᠳᠡᠭᠰᠡᠨ ᠫᠧᠲ᠋ᠢ ᠳ᠋ᠧ ᠺᠷᠦ᠋ᠸᠠ ᠢᠢᠨ 《ᠠᠤᠭ᠎ᠠ ᠶᠡᠬᠡ ᠴᠢᠩᠭᠢᠰ ᠬᠠᠭᠠᠨ ᠤ ᠲᠡᠦᠬᠡ》 ᠵᠡᠷᠭᠡ ᠵᠣᠬᠢᠶᠠᠯ ᠤᠳ ᠢ ᠤᠩᠰᠢᠬᠤ ᠳᠤ ᠪᠣᠯᠬᠤ ᠦᠭᠡᠢ ᠵᠦᠢᠯ ᠭᠡᠵᠦ ᠦᠭᠡᠢ᠃ ᠨᠣᠮ ᠤᠩᠰᠢᠵᠤ ᠰᠤᠷᠤᠭᠰᠠᠨ ᠬᠡᠦᠬᠡᠳ ᠭᠠᠭᠴᠠᠭᠠᠷ ᠢᠶᠠᠨ ᠪᠠᠢᠢᠵᠤ ᠴᠢᠳᠠᠳᠠᠭ᠂ ᠪᠡᠶ᠎ᠡ ᠳᠠᠭᠠᠭᠠᠵᠤ ᠰᠡᠳᠬᠢᠨ ᠪᠣᠳᠣᠵᠤ ᠴᠢᠳᠠᠳᠠᠭ᠃ ᠡᠨᠡ ᠪᠦᠬᠦᠨ ᠢ ᠡᠷᠳᠡᠮ ᠦᠨ ᠥᠭᠯᠢᠭᠡᠴᠢ ᠡᠷᠳᠡᠮᠲᠡᠨ ᠪᠠᠭᠰᠢ᠂ ᠰᠤᠷᠭᠠᠨ ᠬᠦᠮᠦᠵᠢᠭᠦᠯᠦᠭᠴᠢᠳ ᠲᠠ ᠪᠦᠬᠦᠨ ᠮᠢᠨᠢ ᠲᠤᠩ᠋ᠭᠠᠨ ᠪᠣᠳᠣᠵᠤ᠂ ᠠᠩ᠋ᠬᠠᠷᠤᠯ ᠳᠤ ᠪᠠᠨ ᠠᠪᠤᠨ᠎ᠠ ᠪᠢᠵᠡ ᠡ᠃

ᠬᠡᠦᠬᠡᠳ ᠵᠠᠯᠠᠭᠤᠴᠤᠳ ᠲᠠ ᠨᠠᠷ ᠪᠡᠶ᠎ᠡ ᠢᠢᠨ ᠲᠠᠮᠢᠷ ᠰᠫᠣᠷᠲ ᠢᠶᠠᠷ ᠬᠢᠴᠢᠶᠡᠯᠯᠡᠳᠡᠭ᠂ ᠡᠷᠡᠭᠦᠯ ᠮᠡᠨᠳᠦ ᠳᠥ ᠪᠡᠨ ᠠᠩ᠋ᠬᠠᠷᠳᠠᠭ᠂ ᠡᠯᠳᠡᠪ ᠬᠣᠣᠷᠲᠤ ᠵᠤᠷᠰᠢᠯ ᠠᠴᠠ ᠠᠩᠭᠢᠳᠠ᠂ ᠰᠡᠳᠬᠢᠯ ᠲᠡᠨᠢᠭᠦᠨ᠂ ᠪᠠᠶᠠᠷ ᠵᠢᠷᠭᠠᠯ ᠲᠠᠢ ᠬᠦᠮᠦᠨ ᠪᠡᠶ᠎ᠡ ᠡᠷᠬᠡᠲᠡᠨ ᠦ ᠬᠤᠪᠢ ᠳᠤ ᠡᠷᠡᠭᠦᠯ ᠴᠢᠭᠢᠷᠠᠭ᠂ ᠣᠶᠤᠨ ᠰᠠᠨᠠᠭᠠᠨ ᠤ ᠬᠤᠪᠢ ᠳᠤ ᠰᠠᠷᠠᠭᠤᠯ ᠪᠠᠢᠢᠳᠠᠭ ᠭᠡᠳᠡᠭ ᠢ ᠪᠤᠤ ᠮᠠᠷᠲᠠ᠃ ᠡᠴᠢᠭᠡ ᠡᠬᠡᠴᠦᠳ ᠴᠤ ᠡᠭᠦᠨ ᠢ ᠰᠠᠨᠠᠵᠤ᠂ ᠥᠪᠡᠷᠰᠡᠳ ᠢᠶᠡᠨ ᠬᠡᠦᠬᠡᠳ ᠦᠳ ᠲᠡᠭᠡᠨ ᠦᠯᠢᠭᠡᠷᠯᠡᠵᠦ ᠰᠤᠷᠬᠤ ᠬᠡᠷᠡᠭᠲᠡᠢ ᠪᠠᠢᠢᠨ᠎ᠠ᠃ ᠡᠭᠦᠨ ᠳᠥ ᠶᠠᠮᠠᠷ ᠴᠤ ᠬᠥᠷᠥᠩᠭᠡ ᠮᠥᠩᠭᠥ ᠱᠠᠭᠠᠷᠳᠠᠯᠭ᠎ᠠ ᠦᠭᠡᠢ᠂ ᠵᠥᠪᠬᠡᠨ ᠬᠦᠰᠡᠯ ᠲᠡᠮᠡᠦᠯᠦᠯ᠂ ᠵᠣᠷᠢᠯᠭ᠎ᠠ ᠪᠠᠢᠢᠬᠤ ᠳᠤ ᠯᠠ ᠪᠣᠯᠤᠨ᠎ᠠ᠃

ᠪᠣᠯᠪᠠᠰᠤᠷᠠᠯ ᠪᠣᠯ ᠲᠡᠭᠰᠢ ᠪᠤᠰᠤ ᠪᠠᠢᠢᠳᠠᠯ ᠢ ᠭᠠᠭᠠᠷᠠᠭᠤᠯᠬᠤ ᠪᠤᠰᠤ ᠠᠷᠢᠯᠭᠠᠬᠤ ᠭᠣᠣᠯ ᠬᠡᠷᠡᠭᠰᠡᠯ ᠪᠠᠢᠢᠬᠤ ᠤᠴᠢᠷᠲᠠᠢ᠃ ᠭᠡᠲᠡᠯ᠎ᠡ ᠮᠣᠩ᠋ᠭᠣᠯ ᠤᠨ ᠪᠣᠯᠪᠠᠰᠤᠷᠠᠯ ᠤᠨ ᠲᠣᠭᠲᠠᠯᠴᠠᠭ᠎ᠠ᠂ ᠰᠤᠷᠭᠠᠯᠲᠠ ᠢᠢᠨ ᠠᠭᠤᠯᠭ᠎ᠠ᠂ ᠬᠡᠪᠰᠢᠯ ᠨᠢ ᠲᠡᠭᠰᠢ ᠪᠤᠰᠤ ᠪᠠᠢᠢᠳᠠᠯ᠂ ᠢᠯᠭᠠᠭ᠎ᠠ ᠢᠢ ᠳᠡᠪᠡᠷᠭᠡᠬᠦ ᠴᠢᠭᠯᠡᠯ ᠤᠷᠤᠭᠤ ᠬᠡᠯᠪᠡᠢᠢᠵᠦ ᠪᠠᠢᠢᠨ᠎ᠠ᠃ ᠡᠨᠡ ᠨᠢ 《ᠤᠯᠠᠮᠵᠢᠯᠠᠯᠲᠤ ᠵᠠᠩ ᠵᠠᠩᠰᠢᠯ᠂ ᠲᠡᠦᠬᠡ᠂ ᠰᠤᠶᠤᠯ ᠤᠨ ᠣᠨᠴᠠᠯᠢᠭ ᠢ ᠰᠢᠩᠭᠡᠭᠡᠭ᠍ᠰᠡᠨ ᠶᠡᠷᠦᠩᠬᠡᠢ ᠪᠣᠯᠪᠠᠰᠤᠷᠠᠯ ᠢ ᠢᠷᠭᠡᠨ ᠪᠦᠷᠢ ᠵᠠᠪᠠᠯ ᠡᠵᠡᠮᠰᠢᠬᠦ》 ᠭᠡᠰᠡᠨ ᠲᠥᠷᠥ ᠢᠢᠨ ᠪᠣᠳᠣᠯᠭ᠎ᠠ ᠢᠢ ᠰᠥᠷᠴᠦ᠂ ᠭᠠᠳᠠᠨ᠎ᠠ ᠢᠢᠨ ᠥᠷᠲᠡᠭ ᠥᠨᠳᠥᠷ᠂ ᠮᠣᠩ᠋ᠭᠣᠯ ᠤᠯᠠᠮᠵᠢᠯᠠᠯ ᠠᠴᠠ ᠠᠩᠭᠢᠳᠠ ᠠᠭᠤᠯᠭ᠎ᠠ ᠢᠢ ᠮᠣᠩ᠋ᠭᠣᠯ ᠤᠨ ᠶᠡᠷᠦᠩᠬᠡᠢ ᠪᠣᠯᠪᠠᠰᠤᠷᠠᠯ ᠤᠨ ᠦᠨᠳᠦᠰᠦᠨ ᠦ ᠴᠥᠮ ᠬᠥᠲᠥᠯᠪᠦᠷᠢ ᠳᠥ ᠲᠤᠯᠭᠠᠬᠤ ᠭᠡᠰᠡᠨ ᠣᠷᠣᠯᠳᠤᠯᠭ᠎ᠠ ᠲᠠᠢ ᠰᠠᠯᠤᠰᠢ ᠦᠭᠡᠢ ᠬᠣᠯᠪᠣᠭ᠎ᠠ ᠲᠠᠢ᠃ ᠲᠡᠢᠢᠮᠦ ᠡᠴᠡ ᠮᠣᠩ᠋ᠭᠣᠯ ᠲᠥᠷᠥ ᠢᠢᠨ ᠪᠣᠳᠣᠯᠭ᠎ᠠ ᠳᠤ 《ᠪᠣᠯᠪᠠᠰᠤᠷᠠᠯ ᠤᠨ ᠲᠠᠯ᠎ᠠ ᠪᠠᠷ ᠰᠢᠢᠳᠪᠦᠷᠢ ᠭᠠᠷᠭᠠᠬᠤ ᠦᠢᠯᠡ ᠶᠠᠪᠤᠴᠠ ᠨᠢ ᠨᠡᠭᠡᠭᠡᠯᠲᠡ ᠲᠡᠢ᠂ ᠢᠯᠡ ᠲᠣᠳᠣ᠂ ᠰᠤᠳᠤᠯᠭ᠎ᠠ᠂ ᠨᠣᠲᠠᠯᠠᠭᠠᠨ ᠳᠤ ᠰᠠᠭᠤᠷᠢᠯᠠᠭᠰᠠᠨ᠂ ᠰᠠᠢᠢᠨ ᠵᠠᠰᠠᠭᠯᠠᠯ ᠤᠨ ᠵᠠᠷᠴᠢᠮ ᠳᠤ ᠨᠡᠢᠢᠴᠡᠭᠰᠡᠨ ᠪᠠᠢᠢᠬᠤ》 ᠵᠠᠷᠴᠢᠮ ᠢ ᠲᠤᠩ᠋ᠬᠠᠭᠯᠠᠭᠰᠠᠨ ᠭᠡᠳᠡᠭ ᠢ ᠲᠥᠷᠥ ᠢᠢᠨ ᠲᠦᠰᠢᠶᠡᠳ ᠡᠴᠡ ᠪᠡᠨ ᠡᠬᠢᠯᠡᠭᠡᠳ ᠬᠦᠮᠦᠨ ᠪᠦᠬᠦᠨ ᠰᠠᠨᠠᠵᠤ ᠶᠠᠪᠤᠬᠤ ᠤᠴᠢᠷᠲᠠᠢ ᠭᠡᠳᠡᠭ ᠢ ᠮᠢᠨᠦ ᠪᠡᠶ᠎ᠡ ᠥᠨᠥᠳᠥᠷ ᠳᠠᠬᠢᠨ ᠰᠠᠨᠠᠭᠤᠯᠵᠤ ᠪᠠᠢᠢᠨ᠎ᠠ᠃

ᠬᠡᠳᠦᠢ ᠪᠡᠷ ᠮᠣᠩ᠋ᠭᠣᠯ ᠤᠯᠤᠰ ᠲᠤ ᠳᠣᠲᠣᠭᠠᠳᠤ ᠳᠤ ᠪᠠᠨ ᠺᠣᠷᠤᠨᠠᠸᠢᠷᠦ᠋ᠰᠲᠦ ᠬᠠᠯᠳᠠᠪᠤᠷᠢ ᠲᠠᠷᠬᠠᠭ᠎ᠠ ᠦᠭᠡᠢ ᠪᠠᠢᠢᠭ᠎ᠠ ᠬᠡᠳᠦᠢ ᠴᠤ ᠬᠢᠴᠢᠶᠡᠯ ᠰᠤᠷᠭᠠᠯᠲᠠ ᠡᠬᠢᠯᠡᠭᠰᠡᠨ ᠲᠡᠢ ᠬᠣᠯᠪᠣᠭᠳᠠᠭᠤᠯᠤᠨ ᠬᠣᠷᠢᠭ᠎ᠠ ᠴᠡᠭᠡᠷ ᠦᠨ ᠳᠢᠭᠯᠢᠮ ᠳᠥ ᠨᠡᠢᠢᠴᠡᠭᠰᠡᠨ ᠬᠠᠯᠳᠠᠪᠤᠷᠢᠭᠦᠢᠢᠵᠢᠭᠦᠯᠦᠯᠲᠡ ᠢᠢᠨ ᠳᠢᠭᠯᠢᠮ ᠢ ᠬᠠᠲᠠᠭᠤ ᠰᠠᠬᠢᠵᠤ᠂ ᠬᠦᠮᠦᠨ ᠪᠦᠷᠢ ᠡᠷᠡᠭᠦᠯ ᠮᠡᠨᠳᠦ ᠳᠥ ᠪᠡᠨ ᠠᠩᠬᠠᠷᠬᠤ ᠨᠢ ᠵᠦᠢ ᠶᠣᠰᠣᠨ ᠤ ᠠᠰᠠᠭᠤᠳᠠᠯ᠃ ᠭᠡᠬᠦ ᠳᠥ ᠪᠡᠨ ᠲᠥᠷᠥ ᠢᠢᠨ ᠪᠠᠢᠢᠭᠤᠯᠤᠯᠭ᠎ᠠ ᠨᠤᠭᠤᠳ ᠴᠠᠷ᠎ ᠲᠠᠬᠤᠯ ᠤᠨ ᠤᠯᠠᠮ ᠠᠴᠠ ᠡᠭᠦᠰᠦᠭᠰᠡᠨ ᠣᠯᠠᠨ ᠲᠥᠪᠡᠭ᠍ᠲᠡᠢ ᠠᠰᠠᠭᠤᠳᠠᠯ ᠢ ᠰᠢᠢᠳᠪᠦᠷᠢᠯᠡᠬᠦ ᠳᠥ ᠪᠡᠨ ᠬᠡᠲᠦ ᠰᠦᠷᠵᠢᠭᠢᠨᠡᠵᠦ᠂ ᠪᠤᠰᠤᠳ ᠲᠤ ᠲᠥᠪᠡᠭ᠌ ᠤᠴᠠᠷᠠᠭᠤᠯᠬᠤ ᠦᠭᠡᠢ ᠪᠡᠷ ᠰᠢᠢᠳᠬᠦ ᠬᠡᠷᠡᠭᠲᠡᠢ ᠭᠡᠳᠡᠭ ᠢ ᠠᠩᠬᠠᠷᠤᠭᠤᠯᠵᠤ᠂ ᠬᠣᠷᠢᠭ᠎ᠠ ᠴᠡᠭᠡᠷ ᠦᠨ ᠳᠢᠭᠯᠢᠮ ᠢ ᠶᠠᠭᠰᠢᠲᠠᠯ᠎ᠠ ᠪᠡᠶᠡᠯᠡᠭᠦᠯᠬᠦ ᠢᠢ ᠬᠡᠦᠬᠡᠳ ᠪᠠᠭᠠᠴᠤᠳ᠂ ᠣᠶᠤᠲᠠᠨ᠂ ᠰᠤᠷᠤᠭᠴᠢᠳ᠂ ᠰᠤᠷᠭᠠᠭᠤᠯᠢ ᠢᠢᠨ ᠨᠡᠢᠢᠲᠡ ᠬᠠᠮᠲᠤ ᠣᠯᠠᠨ ᠳᠤ ᠤᠷᠢᠶᠠᠯᠠᠵᠤ ᠪᠠᠢᠢᠨ᠎ᠠ᠃

ᠲᠠ ᠪᠦᠬᠦᠨ ᠳᠥ ᠰᠢᠨ᠎ᠡ ᠬᠢᠴᠢᠶᠡᠯ ᠦᠨ ᠵᠢᠯ ᠦᠨ ᠮᠡᠨᠳᠦ ᠢᠢ ᠳᠠᠬᠢᠨ ᠳᠡᠪᠰᠢᠭᠦᠯᠵᠦ᠂ ᠡᠵᠡᠨ ᠴᠢᠩᠭᠢᠰ ᠦᠨ ᠦᠷ᠎ᠡ ᠰᠠᠳᠤ ᠤᠯᠠᠮ ᠣᠯᠠᠨ ᠪᠣᠯᠵᠤ᠂ ᠡᠷᠳᠡᠮ ᠲᠡᠭᠦᠰ ᠬᠣᠢᠢᠴᠢ ᠦᠶ᠎ᠡ ᠮᠠᠨᠢ ᠡᠷᠡᠭᠦᠯ ᠰᠠᠷᠠᠭᠤᠯ ᠥᠰᠦᠨ ᠲᠣᠷᠨᠢᠬᠤ ᠢᠢᠨ ᠥᠯᠵᠡᠢᠢᠲᠦ ᠢᠷᠦᠭᠡᠯ ᠢ ᠡᠷᠭᠦᠨ ᠪᠠᠷᠢᠶ᠎ᠠ᠃

ᠮᠥᠩᠬᠡ ᠲᠩᠷᠢ ᠢᠢᠨ ᠬᠦᠴᠦᠨ ᠳᠣᠷ ᠡᠷᠳᠡᠮ ᠣᠶᠤᠨ ᠥᠨᠢᠳᠡ ᠳᠡᠯᠭᠡᠷᠡᠬᠦ ᠪᠣᠯᠲᠤᠭᠠᠢ》 ᠭᠡᠵᠡᠢ᠃