ᠵᠢᠯ ᠪᠦᠷᠢ ᠢᠢᠨ ᠶᠢᠰᠦᠳᠦᠭᠡᠷ ᠰᠠᠷ᠎ᠠ ᠢᠢᠨ 10 ᠍ ᠤ ᠡᠳᠦᠷ ᠢ ᠤᠯᠤᠰ ᠲᠥᠷᠦ ᠢᠢᠨ ᠬᠢᠯᠢᠰ ᠬᠡᠷᠡᠭ ᠲᠥ ᠬᠡᠯᠮᠡᠭᠳᠡᠭᠰᠡᠳ ᠦᠨ ᠳᠤᠷᠠᠰᠬᠠᠯ ᠢ ᠬᠦᠨᠳᠦᠳᠬᠡᠬᠦ ᠡᠳᠦᠷ ᠪᠣᠯᠭᠠᠨ ᠣᠷᠣᠨ ᠳᠠᠶᠠᠭᠠᠷ ᠬᠦᠨᠳᠦᠳᠬᠡᠨ ᠥᠩᠭᠡᠷᠡᠭᠦᠯᠵᠦ ᠪᠠᠢᠢᠬᠤ ᠲᠤᠬᠠᠢ ᠤᠯᠤᠰ ᠤᠨ ᠶᠡᠬᠡ ᠬᠤᠷᠠᠯ ᠤᠨ ᠰᠢᠢᠳᠪᠦᠷᠢ 1996 ᠣᠨ ᠳᠤ ᠭᠠᠷᠤᠭᠰᠠᠨ᠃
ᠡᠨᠡ ᠡᠳᠦᠷ ᠢ ᠲᠣᠬᠢᠶᠠᠯᠳᠤᠭᠤᠯᠤᠨ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬᠠᠯᠲᠠᠮ᠎ᠠ ᠢᠢᠨ ᠪᠠᠲᠤᠲᠤᠯᠭ᠎ᠠ᠂ ᠤᠯᠤᠰ ᠤᠨ ᠶᠡᠬᠡ ᠬᠤᠷᠠᠯ ᠤᠨ ᠳᠠᠷᠤᠭ᠎ᠠ ᠭᠣᠮᠪᠣᠵᠠᠪ ᠤᠨ ᠽᠠᠨᠳᠠᠨᠰᠢᠲᠠᠷ᠎ᠠ ᠨᠠᠷ ᠥᠨᠥᠳᠥᠷ ᠬᠡᠯᠮᠡᠭᠳᠡᠭᠰᠡᠳ ᠦᠨ ᠬᠥᠰᠢᠶᠡᠨ ᠳᠥ ᠴᠡᠴᠡᠭ ᠡᠷᠭᠦᠯ᠎ᠡ᠃
ᠬᠡᠯᠮᠡᠭᠳᠡᠭᠰᠡᠳ ᠦᠨ ᠳᠤᠷᠠᠰᠬᠠᠯ ᠢ ᠬᠦᠨᠳᠦᠳᠬᠡᠬᠦ ᠪᠡᠷ ᠢᠷᠡᠭᠰᠡᠨ ᠤᠯᠤᠰ ᠤᠨ ᠶᠡᠬᠡ ᠬᠤᠷᠠᠯ᠂ ᠵᠠᠰᠠᠭ ᠤᠨ ᠭᠠᠵᠠᠷ ᠤᠨ ᠭᠡᠰᠢᠭᠦᠳ᠂ ᠤᠯᠤᠰ ᠲᠥᠷᠦ ᠢᠢᠨ ᠨᠠᠮ ᠤᠳ᠂ ᠲᠥᠷᠦ ᠢᠢᠨ ᠪᠣᠯᠤᠨ ᠲᠥᠷᠦ ᠢᠢᠨ ᠪᠤᠰᠤ ᠪᠠᠢᠢᠭᠤᠯᠤᠯᠭ᠎ᠠ ᠨᠤᠭᠤᠳ ᠤᠨ ᠲᠥᠯᠦᠭᠡᠯᠡᠯ᠂ ᠢᠷᠭᠡᠳ ᠡᠨᠡ ᠦᠶ᠎ᠡ ᠪᠡᠷ ᠬᠡᠯᠮᠡᠭᠳᠡᠭᠰᠡᠳ ᠦᠨ ᠬᠥᠰᠢᠶᠡᠨ ᠳᠥ ᠴᠡᠴᠡᠭ ᠡᠷᠭᠦᠵᠦ᠂ ᠬᠦᠨᠳᠦᠳᠬᠡᠯ ᠦᠵᠡᠭᠦᠯᠦᠭᠰᠡᠨ ᠶᠤᠮ᠃
ᠮᠣᠩ᠋ᠭᠣᠯ ᠤᠯᠤᠰ ᠤᠨ ᠴᠠᠭᠠᠳᠬᠠᠬᠤ ᠠᠵᠢᠯ ᠢ ᠤᠳᠤᠷᠢᠳᠤᠨ ᠵᠣᠬᠢᠶᠠᠨ ᠪᠠᠢᠢᠭᠤᠯᠬᠤ ᠤᠯᠤᠰ ᠤᠨ ᠺᠣᠮᠢᠰ ᠠᠴᠠ ᠮᠡᠳᠡᠭᠡᠯᠡᠭᠰᠡᠨ ᠢᠶᠡᠷ᠄
• ᠤᠯᠤᠰ ᠲᠥᠷᠦ ᠢᠢᠨ ᠬᠡᠷᠡᠭ ᠲᠥ ᠰᠢᠳᠬᠡᠭ᠍ᠳᠡᠭᠰᠡᠨ ᠢᠷᠭᠡᠳ ᠡᠴᠡ ᠥᠨᠥᠳᠥᠷ ᠦᠨ ᠪᠠᠢᠢᠳᠠᠯ ᠢᠶᠠᠷ ᠨᠡᠢᠢᠲᠡ 31᠂314 ᠢᠷᠭᠡᠨ ᠢ ᠴᠠᠭᠠᠳᠬᠠᠭᠠᠳ ᠪᠠᠢᠢᠨ᠎ᠠ᠃
• ᠤᠯᠤᠰ ᠲᠥᠷᠥ ᠢᠢᠨ ᠬᠢᠯᠢᠰ ᠬᠡᠷᠡᠭ ᠲᠥ ᠬᠡᠯᠮᠡᠭᠳᠡᠭᠰᠡᠳ ᠢ ᠴᠠᠭᠠᠳᠬᠠᠬᠤ᠂ ᠲᠡᠳᠡᠨ ᠳᠥ ᠨᠥᠬᠥᠬᠥ ᠣᠯᠭᠣᠪᠤᠷᠢ ᠣᠯᠭᠣᠬᠤ ᠲᠤᠬᠠᠢ ᠬᠠᠤᠯᠢ ᠢᠢᠨ ᠳᠠᠭᠠᠭᠤ ᠨᠡᠢᠢᠲᠡ 71 ᠲᠡᠷᠪᠤᠮ 815 ᠰᠠᠶ᠎ᠠ ᠲᠥᠭᠥᠷᠢᠭ᠌ ᠦᠨ ᠨᠥᠬᠥᠬᠥ ᠣᠯᠭᠣᠪᠤᠷᠢ ᠢᠢ ᠴᠠᠭᠠᠳᠬᠠᠭᠳᠤᠭᠰᠠᠨ ᠬᠡᠯᠮᠡᠭᠳᠡᠭᠴᠢ᠂ ᠲᠡᠭᠦᠨ ᠦ ᠭᠡᠷ ᠪᠦᠯᠢ᠂ ᠦᠷ᠎ᠡ ᠬᠡᠦᠬᠡᠳ᠂ ᠠᠴᠢ᠂ ᠵᠢᠭᠡ᠂ ᠠᠬ᠎ᠠ᠂ ᠡᠭᠡᠴᠢ᠂ ᠳᠡᠭᠦᠦ᠂ ᠠᠴᠢ ᠳᠡᠭᠦᠦ᠂ ᠵᠢᠭᠡ ᠳᠡᠭᠦᠦ ᠵᠡᠷᠭᠡ 19᠂225 ᠢᠷᠭᠡᠨ ᠳᠥ ᠣᠯᠭᠤᠭᠠᠳ ᠪᠠᠢᠢᠨ᠎ᠠ᠃
• ᠲᠡᠭᠦᠨᠴᠢᠯᠡᠨ ᠤᠯᠤᠰ ᠤᠨ ᠬᠡᠮᠵᠢᠶᠡᠨ ᠳᠥ ᠬᠡᠯᠮᠡᠭᠳᠡᠭᠰᠡᠳ ᠦᠨ ᠳᠤᠷᠠᠰᠬᠠᠯ ᠢ ᠮᠥᠩᠬᠡᠵᠢᠭᠦᠯᠬᠦ ᠴᠢᠭᠯᠡᠯ ᠢᠶᠡᠷ ᠪᠤᠢ ᠪᠣᠯᠭᠠᠭᠰᠠᠨ ᠨᠡᠷᠡᠮᠵᠢᠲᠦ ᠪᠠᠢᠢᠭᠤᠯᠤᠯᠭ᠎ᠠ᠂ ᠥᠷᠭᠡᠨ ᠴᠢᠯᠦᠭᠡ᠂ ᠲᠠᠯᠠᠪᠠᠢ 31᠂ ᠬᠥᠰᠢᠶ᠎ᠡ 79᠂ ᠰᠤᠪᠤᠷᠭ᠎ᠠ 47᠂ ᠰᠠᠮᠪᠠᠷ᠎ᠠ 29᠂ ᠳᠤᠷᠠᠰᠬᠠᠯ ᠤᠨ ᠪᠠᠭᠠᠨ᠎ᠠ 27᠂ ᠮᠦᠽᠧᠢ ᠢᠢᠨ ᠪᠤᠯᠤᠨ 16 ᠵᠡᠷᠭᠡ ᠨᠡᠢᠢᠲᠡ 229 ᠣᠪᠶᠧᠺᠲ ᠪᠠᠢᠢᠨ᠎ᠠ᠃
ᠴᠠᠭᠠᠳᠬᠠᠬᠤ ᠠᠵᠢᠯ ᠢ ᠤᠳᠤᠷᠢᠳᠤᠨ ᠵᠣᠬᠢᠶᠠᠨ ᠪᠠᠢᠢᠭᠤᠯᠬᠤ ᠤᠯᠤᠰ ᠤᠨ ᠺᠣᠮᠢᠰ ᠲᠥᠷᠥ ᠢᠢᠨ ᠪᠣᠯᠤᠨ ᠲᠥᠷᠥ ᠢᠢᠨ ᠪᠤᠰᠤ ᠪᠠᠢᠢᠭᠤᠯᠤᠯᠭ᠎ᠠ ᠨᠤᠭᠤᠳ ᠲᠠᠢ ᠬᠠᠮᠲᠤᠷᠠᠨ ᠬᠡᠯᠮᠡᠭᠳᠡᠭᠰᠡᠳ ᠦᠨ ᠳᠤᠷᠠᠰᠬᠠᠯ ᠢ 25 ᠳ᠋ᠠᠬᠢ ᠵᠢᠯ ᠳᠥ ᠪᠡᠨ ᠬᠦᠨᠳᠦᠳᠬᠡᠨ ᠥᠩᠭᠡᠷᠡᠭᠦᠯᠪᠡ᠃