Та "Internet explorer"-ийн сүүлийн хувилбар болох "Microsoft edge"-г ашиглана уу

Хэрэв "Microsoft edge"-г татах бол энд дарж татаж авна уу

ᠨᠢᠭᠡᠳᠦᠭᠰᠡᠨ ᠦᠨᠳᠦᠰᠦᠳᠡᠨ ᠦ ᠪᠠᠢᠢᠭᠤᠯᠤᠯᠭ᠎ᠠ ᠤᠨ ᠶᠡᠷᠦᠩᠬᠡᠢ ᠠᠰᠰᠠᠮᠪᠯᠧᠢ ᠢᠢᠨ 75 ᠳ᠋ᠤᠭᠠᠷ ᠴᠢᠭᠤᠯᠭᠠᠨ ᠤ ᠶᠡᠷᠦᠩᠬᠡᠢ ᠰᠠᠨᠠᠯ ᠰᠢᠭᠦᠮᠵᠢᠯᠡᠯ ᠳᠥ ᠣᠷᠣᠯᠴᠠᠵᠤ᠂ ᠦᠭᠡ ᠬᠡᠯᠡᠯ᠎ᠡ

ᠠᠮᠧᠷᠢᠺᠠ ᠢᠢᠨ ᠨᠢᠭᠡᠳᠦᠭᠰᠡᠨ ᠤᠯᠤᠰ ᠤᠨ ᠨᠶᠤ-ᠶᠣᠷᠺ ᠬᠣᠲᠠᠨ᠎ᠠ ᠶᠢᠰᠦᠳᠦᠭᠡᠷ ᠰᠠᠷ᠎ᠠ ᠢᠢᠨ 22-29 ᠍ ᠦ ᠡᠳᠦᠷ ᠦᠳ ᠲᠥ ᠦᠷᠭᠦᠯᠵᠢᠯᠡᠵᠦ ᠪᠤᠢ ᠨᠢᠭᠡᠳᠦᠭᠰᠡᠨ ᠦᠨᠳᠦᠰᠦᠳᠡᠨ ᠦ ᠪᠠᠢᠢᠭᠤᠯᠤᠯᠭ᠎ᠠ ᠤᠨ ᠶᠡᠷᠦᠩᠬᠡᠢ ᠠᠰᠰᠠᠮᠪᠯᠧᠢ ᠢᠢᠨ 75 ᠳ᠋ᠤᠭᠠᠷ ᠴᠢᠭᠤᠯᠭᠠᠨ ᠤ ᠶᠡᠷᠦᠩᠬᠡᠢ ᠰᠠᠨᠠᠯ ᠰᠢᠭᠦᠮᠵᠢᠯᠡᠯ ᠳᠥ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬᠠᠯᠲᠠᠮ᠎ᠠ ᠢᠢᠨ ᠪᠠᠲᠤᠲᠤᠯᠭ᠎ᠠ ᠴᠠᠬᠢᠮ ᠢᠶᠠᠷ ᠣᠷᠣᠯᠴᠠᠵᠤ᠂ ᠶᠢᠰᠦᠳᠦᠭᠡᠷ ᠰᠠᠷ᠎ᠠ ᠢᠢᠨ 23 ᠍ ᠤ ᠡᠳᠦᠷ ᠦᠨ ᠬᠤᠷᠠᠯᠳᠤᠭᠠᠨ ᠳᠤ ᠦᠭᠡ ᠬᠡᠯᠡᠯ᠎ᠡ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬᠠᠯᠲᠠᠮ᠎ᠠ ᠢᠢᠨ ᠪᠠᠲᠤᠲᠤᠯᠭ᠎ᠠ᠄

《 ᠨᠣᠶᠠᠨ ᠴᠢᠭᠤᠯᠭᠠᠨ ᠤ ᠳᠠᠷᠤᠭ᠎ᠠ ᠠ᠋᠂
ᠨᠣᠶᠠᠨ ᠶᠡᠷᠦᠩᠬᠡᠢ ᠨᠠᠷᠢᠨ ᠪᠢᠴᠢᠭ ᠦᠨ ᠳᠠᠷᠤᠭ᠎ᠠ ᠠ᠋᠂
ᠡᠷᠬᠢᠮ ᠬᠦᠨᠳᠦᠳᠦ ᠲᠥᠯᠥᠭᠡᠯᠡᠭᠴᠢᠳ ᠡ᠂
ᠬᠠᠲᠤᠭᠲᠠᠢ᠂ ᠨᠣᠶᠠᠳ ᠠ᠋᠂

ᠨᠢᠭᠡᠳᠦᠭᠰᠡᠨ ᠦᠨᠳᠦᠰᠦᠳᠡᠨ ᠦ ᠪᠠᠢᠢᠭᠤᠯᠤᠯᠭ᠎ᠠ ᠤᠨ ᠶᠡᠷᠦᠩᠬᠡᠢ ᠠᠰᠰᠠᠮᠪᠯᠧᠢ ᠢᠢᠨ ᠴᠢᠭᠤᠯᠭᠠᠨ ᠤ ᠳᠠᠷᠤᠭ᠎ᠠ ᠪᠠᠷ ᠰᠣᠩ᠋ᠭᠣᠭᠳᠠᠨ ᠠᠵᠢᠯᠯᠠᠵᠤ ᠪᠤᠢ ᠲᠠᠨ ᠳᠤᠷ ᠴᠢᠩ ᠰᠡᠳᠬᠢᠯ ᠦᠨ ᠪᠠᠶᠠᠷ ᠬᠦᠷᠭᠡᠶ᠎ᠡ᠃ ᠮᠠᠨ ᠤ ᠲᠥᠯᠥᠭᠡᠯᠡᠭᠴᠢᠳ ᠲᠠᠨ ᠢ ᠡᠨᠡᠬᠦ ᠬᠠᠷᠢᠭᠤᠴᠠᠯᠭᠠᠲᠠᠢ ᠠᠵᠢᠯ ᠡᠭᠦᠷᠭᠡ ᠪᠡᠨ ᠭᠦᠢᠴᠡᠳᠭᠡᠬᠦ ᠳᠥ ᠪᠦᠷᠢᠨ ᠳᠡᠮᠵᠢᠵᠦ ᠠᠵᠢᠯᠯᠠᠬᠤ ᠪᠣᠯᠤᠨ᠎ᠠ᠃

ᠨᠢᠭᠡᠳᠦᠭᠰᠡᠨ ᠦᠨᠳᠦᠰᠦᠳᠡᠨ ᠦ ᠪᠠᠢᠢᠭᠤᠯᠤᠯᠭ᠎ᠠ ᠤᠨ 75 ᠵᠢᠯ ᠦᠨ ᠣᠢ ᠢᠢ ᠭᠡᠰᠢᠭᠦᠨ ᠣᠷᠣᠨ ᠨᠤᠭᠤᠳ ᠪᠠᠬᠠᠷᠬᠠᠯᠲᠠᠢ ᠪᠠᠷ ᠲᠡᠮᠳᠡᠭᠯᠡᠵᠦ ᠪᠠᠢᠢᠨ᠎ᠠ᠃ ᠨᠢᠭᠡᠳᠦᠭᠰᠡᠨ ᠦᠨᠳᠦᠰᠦᠳᠡᠨ ᠦ ᠪᠠᠢᠢᠭᠤᠯᠤᠯᠭ᠎ᠠ ᠪᠣᠯ ᠣᠯᠠᠨ ᠲᠠᠯᠠᠲᠤ ᠬᠠᠮᠲᠤ ᠢᠢᠨ ᠠᠵᠢᠯᠯᠠᠭᠠᠨ ᠤ ᠬᠠᠮᠤᠭ ᠤᠨ ᠣᠨᠣᠪᠴᠢᠲᠠᠢ ᠪᠦᠲᠦᠴᠡ ᠶᠤᠮ᠃ ᠨᠢᠭᠡᠳᠦᠭᠰᠡᠨ ᠦᠨᠳᠦᠰᠦᠳᠡᠨ ᠦ ᠪᠠᠢᠢᠭᠤᠯᠤᠯᠭ᠎ᠠ ᠤᠨ ᠳᠦᠷᠢᠮ ᠦᠨ ᠦᠵᠡᠯ ᠰᠠᠨᠠᠭᠠᠨ ᠳᠣᠣᠷ᠎ᠠ ᠳᠡᠯᠡᠬᠡᠢ ᠢᠢᠨ ᠤᠯᠤᠰ ᠦᠨᠳᠦᠰᠦᠲᠡᠨ ᠨᠦᠭᠦᠳ ᠨᠢᠭᠡᠳᠴᠦ᠂ ᠠᠰᠠᠭᠤᠳᠠᠯ᠂ ᠪᠡᠷᠬᠡᠰᠢᠶᠡᠯ ᠢ ᠶᠠᠷᠢᠶ᠎ᠠ ᠬᠡᠯᠡᠯᠴᠡᠭᠡ᠂ ᠬᠠᠮᠲᠤ ᠢᠢᠨ ᠠᠵᠢᠯᠯᠠᠭᠠᠨ ᠤ ᠵᠠᠮ ᠢᠶᠠᠷ ᠰᠢᠢᠳᠪᠦᠷᠢᠯᠡᠬᠦ ᠪᠣᠯᠤᠭᠰᠠᠨ ᠨᠢ ᠠᠤᠭ᠎ᠠ ᠳᠡᠪᠰᠢᠯ ᠪᠢᠯᠡ᠃

ᠬᠥᠭ᠍ᠵᠢᠯ ᠳᠡᠪᠰᠢᠯ ᠲᠡᠢ ᠵᠡᠷᠭᠡᠴᠡᠭᠡᠳ ᠰᠣᠷᠢᠯᠲᠠ ᠪᠡᠷᠬᠡᠰᠢᠶᠡᠯ ᠨᠠᠷᠢᠨ ᠲᠥᠪᠡᠭ᠍ᠲᠡᠢ ᠪᠣᠯᠵᠤ᠂ ᠲᠡᠭᠦᠨ ᠢ ᠰᠢᠢᠳᠪᠦᠷᠢᠯᠡᠬᠦ᠂ ᠳᠠᠪᠠᠨ ᠲᠤᠭᠤᠯᠬᠤ ᠡᠭᠦᠷᠭᠡ ᠬᠠᠷᠢᠭᠤᠴᠠᠯᠭ᠎ᠠ ᠲᠡᠷᠡ ᠬᠢᠷᠢ ᠪᠡᠷ ᠨᠡᠮᠡᠭᠳᠡᠵᠦ ᠪᠠᠢᠢᠨ᠎ᠠ᠃ ᠲᠤᠬᠠᠢᠢᠯᠠᠪᠠᠯ᠂ ᠥᠨᠥᠳᠥᠷ ᠦᠨ ᠨᠢᠭᠡᠳᠦᠭᠰᠡᠨ ᠦᠨᠳᠦᠰᠦᠳᠡᠨ ᠦ ᠪᠠᠢᠢᠭᠤᠯᠤᠯᠭ᠎ᠠ ᠤᠨ ᠶᠡᠷᠦᠩᠬᠡᠢ ᠠᠰᠰᠠᠮᠪᠯᠧᠢ ᠢᠢᠨ 75 ᠳ᠋ᠤᠭᠠᠷ ᠴᠢᠭᠤᠯᠭᠠᠨ ᠳᠡᠯᠡᠬᠡᠢ ᠨᠡᠢᠢᠲᠡ ᠪᠡᠷ ᠢᠶᠡᠨ ᠺᠣᠸᠢᠳ᠋-19 ᠴᠠᠷ᠎ ᠲᠠᠬᠤᠯ ᠤᠨ ᠡᠰᠡᠷᠭᠦ ᠲᠡᠮᠡᠴᠡᠵᠦ ᠪᠤᠢ ᠴᠠᠭ ᠦᠶ᠎ᠡ ᠳᠥ ᠪᠣᠯᠵᠤ ᠪᠠᠢᠢᠨ᠎ᠠ᠃

ᠪᠦᠬᠦ ᠵᠦᠢᠯ ᠬᠠᠷᠢᠯᠴᠠᠨ ᠬᠠᠮᠢᠶᠠᠷᠤᠯᠲᠠᠢ ᠪᠣᠯᠤᠭᠰᠠᠨ ᠥᠨᠥ ᠢᠢᠨ ᠶᠢᠷᠲᠢᠨᠴᠦ ᠳᠥ ᠬᠠᠯᠳᠠᠪᠤᠷᠢᠲᠤ ᠡᠪᠡᠳᠴᠢᠨ ᠬᠦᠷᠲᠡᠯ᠎ᠡ ᠠᠰᠠᠷ ᠬᠤᠣᠷᠲᠠᠢ ᠪᠠᠷ ᠲᠠᠷᠬᠠᠵᠤ᠂ ᠡᠳ᠋ ᠍ ᠦᠨ ᠵᠠᠰᠠᠭ᠂ ᠨᠡᠢᠢᠭᠡᠮ᠂ ᠬᠦᠮᠦᠨᠯᠢᠭ᠂ ᠠᠶᠤᠯ ᠦᠭᠡᠢ ᠪᠠᠢᠢᠳᠠᠯ᠂ ᠬᠦᠮᠦᠨ ᠦ ᠡᠷᠬᠡ ᠵᠡᠷᠭᠡ ᠣᠯᠠᠨ ᠲᠠᠯᠠᠪᠤᠷ ᠲᠤ ᠰᠥᠷᠭᠦ ᠪᠡᠷ ᠨᠥᠯᠦᠭᠡᠯᠡᠵᠦ ᠪᠠᠢᠢᠨ᠎ᠠ᠃

ᠠᠨᠠᠭᠠᠬᠤ ᠤᠬᠠᠭᠠᠨ ᠮᠠᠰᠢ ᠥᠨᠳᠥᠷ ᠲᠦᠪᠰᠢᠨ ᠳᠥ ᠬᠥᠭ᠍ᠵᠢᠭᠰᠡᠨ 21 ᠳᠦᠭᠡᠷ ᠵᠠᠭᠤᠨ ᠳᠤ ᠬᠦᠮᠦᠨ ᠲᠥᠷᠥᠯᠬᠢᠲᠡᠨ ᠴᠠᠷ᠎ ᠲᠠᠬᠤᠯ ᠤᠨ ᠠᠶᠤᠯ ᠳᠤ ᠭᠡᠨᠡᠳᠡᠵᠦ᠂ ᠭᠠᠮᠰᠢᠭ ᠤᠨ ᠲᠦᠪᠰᠢᠨ ᠳᠥ ᠥᠷᠲᠥᠵᠦ ᠪᠠᠢᠢᠭ᠎ᠠ ᠨᠢ ᠠᠰᠤᠷᠤ ᠲᠣᠮᠣ ᠰᠤᠷᠭᠠᠮᠵᠢ᠂ ᠰᠠᠨᠠᠭᠤᠯᠭ᠎ᠠ ᠪᠣᠯᠵᠤ ᠪᠠᠢᠢᠨ᠎ᠠ᠃ ᠬᠦᠨᠳᠥ ᠬᠡᠴᠡᠭᠦᠦ ᠦᠶ᠎ᠡ ᠳᠥ ᠣᠯᠠᠨ ᠲᠠᠯᠠᠲᠤ ᠬᠠᠮᠲᠤ ᠢᠢᠨ ᠠᠵᠢᠯᠯᠠᠭᠠᠨ ᠤ ᠡᠭᠦᠷᠭᠡ ᠤᠯᠠᠮ ᠥᠰᠴᠦ᠂ ᠡᠪ ᠨᠢᠭᠡᠳᠦᠯ᠂ ᠬᠠᠮᠲᠤ ᠢᠢᠨ ᠠᠵᠢᠯᠯᠠᠭᠠᠨ ᠳᠤ ᠰᠠᠭᠤᠷᠢᠯᠠᠭᠰᠠᠨ᠂ ᠢᠯᠡᠭᠦᠦ ᠤᠶᠠᠯᠳᠤᠭᠠᠲᠠᠢ᠂ ᠦᠷ᠎ᠡ ᠳᠦᠩᠲᠡᠢ ᠬᠠᠷᠢᠭᠤ ᠠᠷᠭ᠎ᠠ ᠬᠡᠮᠵᠢᠶ᠎ᠡ ᠢᠢ ᠴᠠᠭ ᠠᠯᠠᠳᠠᠯ ᠦᠭᠡᠢ ᠠᠪᠬᠤ ᠠᠵᠢᠯ ᠢ ᠥᠷᠭᠡᠨ ᠬᠦᠷᠢᠶᠡᠨ ᠳᠥ ᠵᠣᠬᠢᠶᠠᠨ ᠪᠠᠢᠢᠭᠤᠯᠬᠤ᠂ ᠬᠡᠷᠡᠭᠵᠢᠭᠦᠯᠬᠦ ᠵᠣᠷᠢᠯᠲᠠ ᠲᠤᠯᠭᠠᠷᠠᠵᠤ ᠪᠠᠢᠢᠨ᠎ᠠ᠃

ᠺᠣᠸᠢᠳ᠋-19 ᠍ ᠦᠨ ᠡᠰᠡᠷᠬᠦ ᠪᠠᠲᠤᠯᠠᠭᠠᠲᠠᠢ ᠸᠠᠺᠼᠢᠨ ᠭᠠᠷᠬᠤ ᠦᠶ᠎ᠡ ᠳᠥ ᠬᠥᠭ᠍ᠵᠢᠵᠦ ᠪᠤᠢ ᠪᠣᠯᠤᠨ ᠨᠡᠩ ᠪᠠᠭᠤᠷᠠᠢ ᠬᠥᠭ᠍ᠵᠢᠯ ᠲᠡᠢ ᠣᠷᠣᠨ ᠨᠤᠭᠤᠳ᠂ ᠬᠡᠦᠬᠡᠳ᠂ ᠡᠮᠡᠭᠲᠡᠢᠢᠴᠦᠳ᠂ ᠥᠨᠳᠥᠷ ᠨᠠᠰᠤᠲᠠᠨ ᠨᠤᠭᠤᠳ᠂ ᠤᠤᠭᠤᠯ ᠢᠷᠭᠡᠳ ᠵᠡᠷᠭᠡ ᠨᠡᠢᠢᠭᠡᠮ ᠤᠨ ᠡᠮᠵᠡᠭ ᠪᠦᠯᠦᠭ ᠦᠳ ᠲᠥ ᠲᠡᠭᠰᠢ᠂ ᠬᠦᠷᠲᠡᠭᠡᠮᠵᠢᠲᠡᠢ ᠲᠦᠭᠡᠭᠡᠬᠦ ᠳᠥ ᠨᠢᠭᠡᠳᠦᠭᠰᠡᠨ ᠦᠨᠳᠦᠰᠦᠳᠡᠨ ᠦ ᠪᠠᠢᠢᠭᠤᠯᠤᠯᠭ᠎ᠠ᠂ ᠲᠡᠭᠦᠨ ᠦ ᠰᠢᠰᠲ᠋ᠧᠮ ᠦᠨ ᠪᠠᠢᠢᠭᠤᠯᠤᠯᠭ᠎ᠠ ᠨᠤᠭᠤᠳ ᠠᠰᠤᠷᠤ ᠶᠡᠬᠡ ᠡᠭᠦᠷᠭᠡ ᠭᠦᠢᠴᠡᠳᠭᠡᠬᠦ ᠨᠢ ᠳᠠᠮᠵᠢᠭ ᠦᠭᠡᠢ᠃

ᠬᠥᠷᠥᠩᠭᠡ ᠨᠥᠭᠡᠴᠡ ᠪᠠᠭᠠᠲᠠᠢ᠂ ᠨᠡᠢᠢᠭᠡᠮ ᠤᠨ ᠬᠠᠮᠠᠭᠠᠯᠠᠯ ᠤᠨ ᠲᠣᠭᠲᠠᠯᠴᠠᠭ᠎ᠠ ᠰᠤᠯᠠ ᠲᠠᠢ ᠬᠥᠭ᠍ᠵᠢᠵᠦ ᠪᠤᠢ ᠣᠷᠣᠨ ᠨᠤᠭᠤᠳ ᠲᠤ ᠠᠶᠤᠯᠲᠤ ᠴᠠᠷ᠎ ᠲᠠᠬᠤᠯ ᠲᠠᠢ ᠲᠡᠮᠡᠴᠡᠬᠦ᠂ ᠰᠡᠷᠭᠦᠭᠡᠨ ᠪᠣᠰᠬᠠᠬᠤ ᠳᠤ ᠵᠣᠷᠢᠭᠤᠯᠵᠤ ᠪᠤᠢ ᠲᠤᠰᠠᠯᠠᠮᠵᠢ ᠳᠡᠮᠵᠢᠯᠭᠡ ᠪᠡᠨ ᠦᠷᠭᠦᠯᠵᠢᠯᠡᠭᠦᠯᠬᠦ ᠢᠢ ᠣᠯᠠᠨ ᠤᠯᠤᠰ ᠤᠨ ᠰᠠᠩᠬᠦᠦ ᠢᠢᠨ ᠪᠠᠢᠢᠭᠤᠯᠤᠯᠭ᠎ᠠ ᠨᠤᠭᠤᠳ᠂ ᠥᠨᠳᠥᠷ ᠬᠥᠭ᠍ᠵᠢᠯ ᠲᠡᠢ ᠣᠷᠣᠨ ᠨᠤᠭᠤᠳ ᠲᠤ ᠤᠷᠢᠶᠠᠯᠠᠵᠤ ᠪᠠᠢᠢᠨ᠎ᠠ᠃

ᠨᠣᠶᠠᠨ ᠳᠠᠷᠤᠭ᠎ᠠ ᠠ᠋᠂

ᠲᠣᠭᠲᠠᠪᠤᠷᠢᠲᠠᠢ ᠬᠥᠭ᠍ᠵᠢᠯ ᠦᠨ ᠵᠣᠷᠢᠯᠲᠠ ᠨᠤᠭᠤᠳ ᠤᠨ ᠬᠡᠷᠡᠭᠵᠢᠯᠲᠡ ᠢᠢ ᠡᠷᠴᠢᠮᠵᠢᠭᠦᠯᠬᠦ ᠦᠢᠯᠡ ᠠᠵᠢᠯᠯᠠᠭᠠᠨ ᠤ ᠠᠷᠪᠠᠨ ᠵᠢᠯ ᠡᠬᠢᠯᠡᠵᠦ ᠪᠤᠢ ᠡᠨᠡ ᠵᠢᠯ ᠳᠡᠯᠡᠬᠡᠢ ᠳᠠᠶᠠᠭᠠᠷ ᠺᠣᠸᠢᠳ᠋-19 ᠴᠠᠷ᠎ ᠲᠠᠬᠤᠯ ᠤᠨ ᠬᠢᠵᠠᠭᠠᠷᠯᠠᠯ ᠳᠤ᠂ ᠬᠣᠷᠢᠢ᠎ᠠ ᠦᠢᠯᠡᠴᠢᠯᠡᠵᠦ᠂ ᠤᠴᠠᠷᠠᠵᠤ ᠪᠠᠢᠢᠭ᠎ᠠ ᠰᠠᠭᠠᠳ ᠪᠡᠷᠬᠡᠰᠢᠶᠡᠯ ᠢ ᠤᠵᠢᠭᠠᠷᠠᠭᠤᠯᠤᠨ᠂ 2015 ᠣᠨ ᠠᠴᠠ ᠬᠣᠢᠢᠰᠢᠬᠢ ᠠᠬᠢᠴᠠ᠂ ᠳᠡᠪᠰᠢᠯ ᠢ ᠵᠠᠷᠢᠮ ᠲᠠᠯ᠎ᠠ ᠪᠠᠷ ᠤᠬᠤᠷᠢᠭᠠᠬᠤ ᠡᠷᠦᠰᠳᠡᠯ ᠡᠭᠦᠰᠦᠯ᠎ᠡ᠃ ᠲᠡᠢᠢᠮᠦ ᠡᠴᠡ ᠲᠥᠷᠥ᠂ ᠵᠠᠰᠠᠭ ᠤᠨ ᠭᠠᠵᠠᠷ ᠤᠳ ᠴᠠᠷ᠎ ᠲᠠᠬᠤᠯ ᠤᠨ ᠠᠶᠤᠯ ᠢ ᠭᠡᠲᠦᠯᠬᠦ ᠲᠤᠬᠠᠢ ᠳᠤ ᠵᠣᠷᠢᠮᠠᠭ ᠠᠯᠬᠤᠮ ᠬᠢᠵᠦ᠂ 《ᠲᠣᠭᠲᠠᠪᠤᠷᠢᠲᠠᠢ ᠬᠥᠭ᠍ᠵᠢᠯ ᠦᠨ 2030 ᠬᠥᠲᠥᠯᠪᠦᠷᠢ》 ᠍ ᠦᠨ ᠵᠣᠷᠢᠯᠲᠠ ᠨᠤᠭᠤᠳ ᠲᠤ ᠬᠦᠷᠬᠦ ᠢᠢᠨ ᠲᠥᠯᠦᠭᠡᠬᠢ ᠬᠦᠴᠦᠨ ᠴᠢᠷᠮᠠᠢᠢᠯᠲᠠ ᠪᠠᠨ ᠨᠡᠮᠡᠭᠳᠡᠭᠦᠯᠬᠦ᠂ ᠡᠭᠦᠷᠭᠡ᠂ ᠦᠢᠯᠡ ᠠᠵᠢᠯᠯᠠᠭ᠎ᠠ ᠢᠢ ᠪᠠᠨ ᠰᠢᠨᠡᠯᠢᠭ᠂ ᠤᠶᠠᠨ ᠬᠠᠲᠠᠨ ᠪᠠᠢᠢᠳᠠᠯ ᠢᠶᠠᠷ ᠬᠡᠷᠡᠭᠵᠢᠭᠦᠯᠬᠦ ᠱᠠᠭᠠᠷᠳᠠᠯᠭ᠎ᠠ ᠲᠠᠢ ᠪᠠᠢᠢᠨ᠎ᠠ᠃

ᠮᠣᠩ᠋ᠭᠣᠯ ᠤᠯᠤᠰ ᠤᠨ ᠬᠤᠪᠢ ᠳᠤ ᠴᠠᠷ᠎ ᠲᠠᠬᠤᠯ ᠤᠨ ᠠᠶᠤᠯ᠂ ᠬᠦᠨᠳᠦᠷᠡᠯ ᠢ ᠬᠣᠬᠢᠷᠠᠯ ᠪᠠᠭ᠎ᠠ ᠲᠠᠢ ᠳᠠᠪᠠᠨ ᠲᠤᠭᠤᠯᠬᠤ ᠢᠢᠨ ᠲᠤᠯᠠᠳᠠ ᠥᠪᠡᠷ ᠦᠨ ᠬᠦᠴᠦᠨ ᠴᠢᠳᠠᠯ᠂ ᠨᠥᠭᠡᠴᠡ ᠪᠣᠯᠤᠯᠴᠠᠭ᠎ᠠ ᠢᠢ ᠳᠠᠢᠢᠴᠢᠯᠠᠵᠤ᠂ ᠪᠤᠰᠤᠳ ᠤᠯᠤᠰ ᠤᠨ ᠲᠤᠷᠰᠢᠯᠭ᠎ᠠ᠂ ᠰᠤᠷᠭᠠᠮᠵᠢ ᠢᠢ ᠠᠩ᠋ᠬᠠᠷᠴᠤ ᠠᠵᠢᠯᠯᠠᠭᠰᠠᠨ ᠤ ᠳᠦᠩ ᠳᠥ ᠺᠣᠸᠢᠳ᠋-19 ᠍ ᠦᠨ ᠬᠠᠯᠳᠠᠪᠤᠷᠢ ᠢᠢ ᠳᠣᠲᠣᠭᠠᠳᠤ ᠳᠤ ᠪᠠᠨ ᠠᠯᠠᠳᠠᠯ ᠦᠭᠡᠢ ᠪᠠᠷᠢᠵᠤ᠂ ᠬᠦᠮᠦᠨ ᠦ ᠠᠮᠢ ᠡᠷᠡᠰᠳᠡᠭᠡ ᠦᠭᠡᠢ ᠪᠠᠢᠢᠨ᠎ᠠ᠃

ᠳᠡᠯᠡᠬᠡᠢ ᠳᠠᠬᠢᠨ ᠳᠤ ᠬᠠᠷᠠᠩ᠋ᠭ᠎ᠠ ᠳᠡᠯᠡᠳᠦᠭᠰᠡᠨ ᠴᠠᠷ᠎ ᠲᠠᠬᠤᠯ᠂ ᠠᠭᠤᠷ ᠠᠮᠢᠰᠬᠤᠯ ᠤᠨ ᠥᠭᠡᠷᠡᠴᠢᠯᠡᠯᠲᠡ ᠵᠡᠷᠭᠡ ᠨᠢ ᠬᠦᠮᠦᠨ ᠲᠥᠷᠥᠯᠬᠢᠲᠡᠨ ᠢ ᠡᠬᠡ ᠳᠡᠯᠡᠬᠡᠢ ᠪᠡᠨ ᠬᠠᠢᠢᠷᠠᠯᠠᠬᠤ᠂ ᠪᠠᠢᠢᠭᠠᠯᠢ ᠣᠷᠴᠢᠨ ᠲᠠᠢ ᠪᠠᠨ ᠵᠣᠬᠢᠴᠠᠨ ᠠᠵᠤ ᠲᠥᠷᠥᠬᠦ ᠭᠠᠷᠴᠠᠭ᠎ᠠ ᠦᠭᠡᠢ ᠱᠠᠭᠠᠷᠳᠠᠯᠭ᠎ᠠ ᠢᠢ ᠰᠠᠨᠠᠭᠤᠯᠤᠭᠰᠠᠭᠠᠷ ᠪᠠᠢᠢᠨ᠎ᠠ᠃ ᠪᠠᠢᠢᠭᠠᠯᠢ ᠳᠡᠯᠡᠬᠡᠢ ᠪᠡᠨ ᠰᠢᠲᠦᠨ ᠡᠷᠬᠢᠮᠯᠡᠵᠦ᠂ ᠬᠠᠢᠢᠷᠠᠯᠠᠨ ᠬᠠᠮᠠᠭᠠᠯᠠᠬᠤ ᠤᠯᠠᠮᠵᠢᠯᠠᠯ ᠨᠢ ᠮᠣᠩ᠋ᠭᠣᠯᠴᠤᠳ ᠤᠨ ᠨᠡᠭᠦᠳᠡᠯᠴᠢᠨ ᠠᠵᠤ ᠠᠮᠢᠳᠤᠷᠠᠯ᠂ ᠦᠨᠳᠦᠰᠦᠲᠡᠨ ᠦ ᠰᠡᠳᠬᠢᠯᠭᠡᠨ ᠦ ᠰᠠᠯᠤᠰᠢ ᠦᠭᠡᠢ ᠬᠡᠰᠡᠭ ᠪᠢᠯᠡ᠃

ᠬᠦᠮᠦᠨ ᠪᠠᠢᠢᠭᠠᠯᠢ ᠢᠢᠨ ᠬᠠᠷᠢᠯᠴᠠᠨ ᠬᠠᠮᠢᠶᠠᠷᠤᠯ ᠪᠣᠯ ᠬᠦᠮᠦᠨ ᠲᠥᠷᠥᠯᠬᠢᠲᠡᠨ ᠲᠠ ᠪᠢᠳᠡᠨ ᠦ ᠣᠷᠣᠰᠢᠬᠤᠢ ᠢᠢᠨ ᠡᠬᠢ ᠪᠤᠯᠠᠭ ᠪᠢᠯᠡ᠃ ᠥᠨᠥ ᠢᠢ ᠬᠦᠷᠲᠡᠯ᠎ᠡ ᠪᠠᠢᠢᠭᠠᠯᠢ ᠢᠢᠨ ᠳᠠᠪᠠᠭᠳᠠᠰᠢ ᠦᠭᠡᠢ ᠬᠦᠴᠦᠨ ᠵᠦᠢᠯ ᠦᠨ ᠡᠮᠦᠨ᠎ᠡ ᠰᠥᠬᠥᠷᠡᠬᠦ ᠦᠭᠡᠢ ᠢᠢᠨ ᠲᠤᠯᠠᠳᠠ ᠪᠢᠳᠡ ᠴᠢᠳᠠᠬᠤ ᠪᠦᠬᠦᠨ ᠢᠶᠡᠨ ᠬᠢᠵᠦ ᠢᠷᠡᠭᠰᠡᠨ ᠪᠣᠯᠪᠠᠴᠤ ᠪᠢᠳᠡᠨ ᠦ ᠲᠡᠮᠡᠴᠡᠯ ᠪᠠᠢᠢᠭᠠᠯᠢ ᠲᠠᠢ ᠵᠣᠬᠢᠴᠠᠬᠤ ᠢᠢᠨ ᠲᠤᠯᠠᠳᠠ ᠪᠤᠰᠤ᠂ ᠢᠯᠠᠬᠤ ᠢᠢᠨ ᠲᠥᠯᠥᠭᠡ ᠲᠡᠮᠡᠴᠡᠯ ᠪᠠᠢᠢᠭᠰᠠᠨ ᠶᠤᠮ᠃ ᠢᠯᠠᠬᠤ ᠢᠢᠨ ᠲᠥᠯᠦᠭᠡᠬᠢ ᠲᠡᠮᠡᠴᠡᠯ ᠨᠢ ᠢᠯᠠᠭᠳᠠᠬᠤ ᠢᠢᠨ ᠰᠢᠯᠲᠠᠭᠠᠨ᠂ ᠵᠣᠬᠢᠴᠠᠬᠤᠢ ᠢᠢᠨ ᠲᠥᠯᠦᠭᠡᠬᠢ ᠲᠡᠮᠡᠴᠡᠯ ᠨᠢ ᠣᠷᠣᠰᠢᠬᠤᠢ ᠢᠢᠨ ᠦᠨᠳᠦᠰᠦ ᠪᠣᠯᠳᠠᠭ ᠪᠣᠯᠬᠤ ᠢᠢ ᠪᠢᠳᠡ ᠡᠳᠦᠷ ᠢᠷᠡᠬᠦ ᠲᠤᠰᠤᠮ ᠮᠡᠳᠡᠷᠡᠭᠰᠡᠭᠡᠷ ᠪᠠᠢᠢᠨ᠎ᠠ᠃

ᠡᠳᠦᠭᠡ ᠳᠡᠯᠡᠬᠡᠢ ᠳᠠᠶᠠᠭᠠᠷ ᠨᠡᠭᠦᠷᠯᠡᠭᠰᠡᠨ ᠴᠠᠷ᠎ ᠲᠠᠬᠤᠯ ᠤᠨ ᠦᠶ᠎ᠡ ᠳᠥ ᠬᠠᠯᠳᠠᠪᠤᠷᠢ ᠮᠣᠩ᠋ᠭᠣᠯ ᠤᠯᠤᠰ ᠤᠨ ᠬᠡᠮᠵᠢᠶᠡᠨ ᠳᠥ ᠳᠣᠲᠣᠭᠠᠳᠤ ᠳᠤ ᠪᠠᠨ ᠲᠠᠷᠬᠠᠭ᠎ᠠ ᠦᠭᠡᠢ ᠴᠥᠭᠡᠬᠡᠨ ᠣᠷᠣᠨ ᠤ ᠨᠢᠭᠡ ᠪᠠᠢᠢᠭ᠎ᠠ ᠨᠢ ᠪᠢᠳᠡᠨ ᠢ ᠵᠠᠷᠢᠮ ᠲᠠᠯ᠎ᠠ ᠪᠠᠷ ᠪᠠᠢᠢᠭᠠᠯᠢ ᠳᠡᠯᠡᠬᠡᠢ ᠲᠡᠢ ᠪᠡᠨ ᠵᠣᠬᠢᠴᠠᠨ ᠠᠵᠤ ᠲᠦᠷᠦᠭᠰᠡᠨ ᠤᠯᠠᠮᠵᠢᠯᠠᠯ ᠲᠠᠢ ᠪᠠᠨ ᠬᠣᠯᠪᠣᠨ ᠦᠵᠡᠬᠦ ᠳᠥ ᠬᠦᠷᠭᠡᠵᠦ ᠪᠠᠢᠢᠨ᠎ᠠ᠃ ᠪᠢᠳᠡ ᠲᠧᠭᠨᠣᠯᠣᠭᠢ ᠢᠢᠨ ᠬᠥᠭ᠍ᠵᠢᠯ ᠳᠥ ᠳᠤᠯᠳᠤᠢᠢᠳᠤᠨ ᠡᠬᠡ ᠳᠡᠯᠡᠬᠡᠢ ᠪᠡᠨ ᠡᠵᠡᠷᠬᠡᠬᠦ ᠪᠤᠰᠤ᠂ ᠡᠪᠰᠡᠨ ᠡᠪᠯᠡᠯᠳᠦᠬᠦ ᠢᠢᠨ ᠲᠥᠯᠥᠭᠡ ᠣᠶᠤᠨ ᠤᠬᠠᠭᠠᠨ᠂ ᠬᠦᠴᠦᠨ ᠴᠢᠳᠠᠯ ᠢᠶᠠᠨ ᠨᠢᠭᠡᠳᠬᠡᠮᠡᠷ ᠪᠠᠢᠢᠨ᠎ᠠ᠃

ᠪᠠᠢᠢᠭᠠᠯᠢ ᠳᠡᠯᠡᠬᠡᠢ ᠢᠢ ᠬᠠᠮᠠᠭᠠᠯᠠᠬᠤ᠂ ᠬᠤᠪᠢ ᠬᠦᠮᠦᠨ ᠪᠦᠷᠢ ᠡᠬᠡ ᠳᠡᠯᠡᠬᠡᠢ ᠳᠥ ᠪᠡᠨ ᠡᠭᠡᠯᠢᠲᠡᠢ ᠠᠮᠢᠳᠤᠷᠠᠬᠤ ᠨᠢ ᠤᠯᠤᠰ ᠣᠷᠣᠨ ᠨᠤᠭᠤᠳ ᠪᠣᠯᠤᠨ ᠬᠦᠮᠦᠨ ᠲᠥᠷᠥᠯᠬᠢᠲᠡᠨ ᠦ ᠢᠷᠡᠭᠡᠳᠦᠢ ᠦᠶ᠎ᠡ ᠢᠢᠨ ᠡᠮᠦᠨ᠎ᠡ ᠬᠦᠯᠢᠶᠡᠭᠰᠡᠨ ᠡᠭᠦᠷᠭᠡ ᠬᠠᠷᠢᠭᠤᠴᠠᠯᠭ᠎ᠠ ᠪᠣᠯᠤᠭᠠᠳ ᠪᠠᠢᠢᠨ᠎ᠠ᠃

ᠨᠣᠶᠠᠨ ᠳᠠᠷᠤᠭ᠎ᠠ ᠠ᠋᠂

ᠥᠩᠭᠡᠷᠡᠭᠰᠡᠨ 75 ᠵᠢᠯ ᠳᠥ ᠨᠢᠭᠡᠳᠦᠭᠰᠡᠨ ᠦᠨᠳᠦᠰᠦᠳᠡᠨ ᠦ ᠪᠠᠢᠢᠭᠤᠯᠤᠯᠭ᠎ᠠ ᠳᠡᠯᠡᠬᠡᠢ ᠢᠢᠨ ᠦᠨᠳᠦᠰᠦᠲᠡᠨ ᠨᠦᠭᠦᠳ ᠢ ᠨᠢᠭᠡᠨ ᠳᠡᠭᠡᠪᠦᠷ ᠳᠣᠣᠷ᠎ᠠ ᠨᠢᠭᠡᠳᠬᠡᠵᠦ᠂ ᠬᠥᠭ᠍ᠵᠢᠯ ᠳᠡᠪᠰᠢᠯ ᠦᠨ ᠵᠦᠭ ᠵᠠᠯᠠᠭᠤᠷᠳᠠᠬᠤ ᠡᠭᠦᠷᠭᠡ᠂ ᠬᠠᠷᠢᠭᠤᠴᠠᠯᠭ᠎ᠠ ᠪᠠᠨ ᠬᠠᠩ᠋ᠭᠠᠯᠲᠠᠲᠠᠢ ᠪᠡᠶᠡᠯᠡᠭᠦᠯᠵᠦ ᠢᠷᠡᠯ᠎ᠡ᠃ ᠭᠡᠬᠦ ᠳᠥ ᠪᠡᠨ ᠣᠯᠠᠨ ᠤᠯᠤᠰ ᠤᠨ ᠬᠠᠷᠢᠯᠴᠠᠭᠠᠨ ᠤ ᠰᠢᠨ᠎ᠡ ᠰᠣᠷᠢᠯᠲᠠ ᠨᠤᠭᠤᠳ ᠢ ᠳᠠᠪᠠᠨ ᠲᠤᠭᠤᠯᠬᠤ ᠢᠢᠨ ᠲᠤᠯᠠᠳᠠ ᠥᠭᠡᠷᠡᠴᠢᠯᠡᠭᠳᠡᠨ ᠪᠤᠢ ᠨᠥᠬᠥᠴᠡᠯ ᠪᠠᠢᠢᠳᠠᠯ ᠲᠠᠢ ᠢᠯᠡᠭᠦᠦ ᠤᠶᠠᠯᠳᠤᠬᠤ᠂ ᠦᠢᠯᠡ ᠠᠵᠢᠯᠯᠠᠭ᠎ᠠ ᠢᠢ ᠪᠠᠨ ᠢᠯᠡᠭᠦᠦ ᠪᠣᠯᠪᠠᠰᠤᠷᠠᠩ᠋ᠭᠤᠢ ᠪᠣᠯᠭᠠᠬᠤ᠂ ᠠᠷᠭ᠎ᠠ ᠪᠠᠷᠢᠯ ᠢᠶᠠᠨ ᠥᠭᠡᠷᠡᠴᠢᠯᠡᠵᠦ ᠰᠢᠨᠡᠳᠭᠡᠬᠦ ᠬᠡᠷᠡᠭᠴᠡᠭᠡ᠂ ᠱᠠᠭᠠᠷᠳᠠᠯᠭ᠎ᠠ ᠲᠤᠯᠭᠠᠷᠠᠵᠤ ᠪᠠᠢᠢᠭ᠎ᠠ ᠪᠥᠭᠡᠳ ᠡᠨᠡ ᠴᠢᠭᠯᠡᠯ ᠢᠶᠡᠷ ᠴᠢᠨᠠᠭᠰᠢᠳᠠ ᠤᠯᠠᠮ ᠪᠦᠷ ᠰᠢᠨᠡᠯᠢᠭ᠂ ᠵᠣᠷᠢᠮᠠᠭ ᠠᠯᠬᠤᠮ ᠤᠳ ᠬᠢᠬᠦ ᠨᠢ ᠴᠢᠬᠤᠯᠠ ᠪᠠᠢᠢᠨ᠎ᠠ᠃

ᠡᠬᠡ ᠳᠡᠯᠡᠬᠡᠢ᠂ ᠬᠥᠮᠥᠨ ᠲᠥᠷᠥᠯᠬᠢᠲᠡᠨ ᠦ ᠠᠮᠤᠷ ᠲᠠᠢᠢᠪᠤᠩ᠂ ᠰᠠᠢᠢᠨ ᠰᠠᠢᠢᠬᠠᠨ ᠤ ᠲᠥᠯᠥᠭᠡ ᠢᠯᠡᠭᠦᠦ ᠪᠣᠯᠪᠠᠰᠤᠷᠠᠩ᠋ᠭᠤᠢ ᠨᠢᠭᠡᠳᠦᠭᠰᠡᠨ ᠦᠨᠳᠦᠰᠦᠳᠡᠨ ᠦ ᠪᠠᠢᠢᠭᠤᠯᠤᠯᠭ᠎ᠠ ᠢ ᠬᠠᠮᠲᠤ ᠳᠤ ᠪᠠᠨ ᠪᠦᠲᠦᠭᠡᠵᠦ᠂ ᠬᠠᠮᠲᠤ ᠳᠤ ᠪᠠᠨ ᠬᠥᠭ᠍ᠵᠢᠵᠦ ᠳᠡᠪᠰᠢᠵᠡᠭᠡᠶ᠎ᠡ᠃

ᠠᠩᠬᠠᠷᠤᠯ ᠬᠠᠨᠳᠤᠭᠤᠯᠤᠭᠰᠠᠨ ᠳᠤ ᠪᠠᠶᠠᠷᠯᠠᠯ᠎ᠠ》 ᠭᠡᠯ᠎ᠡ᠃