Та "Internet explorer"-ийн сүүлийн хувилбар болох "Microsoft edge"-г ашиглана уу

Хэрэв "Microsoft edge"-г татах бол энд дарж татаж авна уу

《World Naadam Center》 ᠲᠥᠰᠥᠯ ᠦᠨ ᠺᠣᠨ᠋ᠼᠧᠫᠼ᠂ ᠵᠠᠭᠪᠤᠷ ᠵᠢᠷᠤᠭ ᠪᠣᠯᠪᠠᠰᠤᠷᠠᠭᠤᠯᠬᠤ ᠤᠷᠤᠯᠳᠤᠭᠠᠨ ᠵᠠᠷᠯᠠᠵᠤ ᠪᠠᠢᠢᠨ᠎ᠠ

ᠮᠣᠩ᠋ᠭᠣᠯᠴᠤᠳ ᠤᠨ ᠰᠤᠶᠤᠯ ᠤᠨ ᠥᠪ᠂ ᠤᠯᠠᠮᠵᠢᠯᠠᠯ᠂ ᠪᠠᠬᠠᠷᠬᠠᠯ ᠪᠣᠯᠤᠭᠰᠠᠨ ᠮᠣᠩ᠋ᠭᠣᠯ ᠨᠠᠭᠠᠳᠤᠮ ᠢ ᠦᠨᠳᠦᠰᠦᠨ ᠦ ᠬᠡᠮᠵᠢᠶᠡᠨ ᠳᠥ ᠳᠡᠯᠭᠡᠷᠡᠭᠦᠯᠦᠨ ᠲᠠᠨᠢᠭᠤᠯᠬᠤ᠂ ᠵᠣᠬᠢᠶᠠᠨ ᠪᠠᠢᠢᠭᠤᠯᠤᠯᠲᠠ ᠢᠢ ᠥᠭᠡᠷ᠎ᠡ ᠲᠦᠪᠰᠢᠨ ᠳᠥ ᠭᠠᠷᠭᠠᠬᠤ᠂ ᠳᠡᠯᠡᠬᠡᠢ ᠳᠠᠬᠢᠨ ᠳᠤ ᠰᠤᠷᠲᠠᠯᠴᠢᠯᠠᠬᠤ ᠵᠣᠷᠢᠯᠭ᠎ᠠ ᠪᠠᠷ ᠤᠯᠠᠷᠢᠯ ᠤᠨ ᠣᠨᠴᠠᠯᠢᠭ ᠲᠤ ᠲᠣᠬᠢᠷᠠᠭᠰᠠᠨ᠂ ᠣᠯᠠᠨ ᠨᠡᠢᠢᠲᠡ ᠳᠥ ᠬᠦᠷᠲᠡᠭᠡᠮᠵᠢᠲᠡᠢ ᠪᠠᠢᠢᠳᠠᠯ ᠢ ᠨᠡᠮᠡᠭᠳᠡᠭᠦᠯᠦᠭᠰᠡᠨ᠂ ᠦᠵᠡᠭᠴᠢ᠂ ᠰᠣᠨᠢᠷᠬᠠᠭᠴᠢ᠂ ᠬᠥᠭ᠍ᠵᠢᠶᠡᠨ ᠳᠡᠮᠵᠢᠭᠴᠢᠳ ᠦᠨ ᠲᠠᠪᠠ ᠲᠤᠬ᠎ᠠ ᠢᠢ ᠬᠠᠩ᠋ᠭᠠᠭᠰᠠᠨ᠂ ᠦᠢᠯᠡᠴᠢᠯᠡᠭᠡᠨ ᠦ ᠰᠢᠨ᠎ᠡ ᠰᠤᠶᠤᠯ ᠪᠦᠬᠦᠢ ᠣᠯᠠᠨ ᠤᠯᠤᠰ ᠤᠨ ᠪᠣᠯᠤᠨ ᠦᠨᠳᠦᠰᠦᠨ ᠦ ᠰᠲ᠋ᠠᠨ᠋ᠳᠠᠷᠲ ᠱᠠᠭᠠᠷᠳᠠᠯᠭ᠎ᠠ ᠬᠠᠩ᠋ᠭᠠᠭᠰᠠᠨ ᠰᠢᠨ᠎ᠡ ᠴᠡᠩᠭᠡᠯᠳᠦᠬᠦ ᠬᠦᠷᠢᠶᠡᠯᠡᠩ 《World Naadam Center》 ᠍ ᠢ ᠪᠠᠢᠢᠭᠤᠯᠬᠤ ᠲᠥᠰᠥᠯ ᠦᠨ ᠺᠣᠨ᠋ᠼᠧᠫᠼ ᠪᠣᠯᠤᠨ ᠵᠠᠭᠪᠤᠷ ᠵᠢᠷᠤᠭ ᠤᠨ ᠰᠢᠢᠳᠦᠯ ᠢ ᠮᠡᠷᠭᠡᠵᠢᠯ ᠦᠨ ᠪᠠᠢᠢᠭᠤᠯᠤᠯᠭ᠎ᠠ᠂ ᠣᠯᠠᠨ ᠨᠡᠢᠢᠲᠡ ᠢᠢᠨ ᠣᠷᠣᠯᠴᠠᠭ᠎ᠠ ᠲᠠᠢ ᠲᠣᠳᠣᠷᠬᠠᠢᠢᠯᠠᠬᠤ ᠵᠣᠷᠢᠯᠭ᠎ᠠ ᠢᠢᠨ ᠬᠦᠷᠢᠶᠡᠨ ᠳᠥ ᠡᠨᠡᠬᠦ ᠤᠷᠤᠯᠳᠤᠭᠠᠨ ᠢ ᠵᠠᠷᠯᠠᠵᠤ ᠪᠠᠢᠢᠨ᠎ᠠ᠃

ᠲᠤᠰ ᠤᠷᠤᠯᠳᠤᠭᠠᠨ ᠳᠤ ᠭᠠᠳᠠᠭᠠᠳᠤ᠂ ᠳᠣᠲᠣᠭᠠᠳᠤ ᠢᠢᠨ ᠵᠢᠷᠤᠭ ᠲᠥᠰᠥᠯ ᠦᠨ ᠮᠡᠷᠭᠡᠵᠢᠯ ᠦᠨ ᠪᠠᠢᠢᠭᠤᠯᠤᠯᠭ᠎ᠠ᠂ ᠬᠤᠪᠢ ᠬᠦᠮᠦᠨ᠂ ᠮᠡᠷᠭᠡᠵᠢᠯ ᠦᠨ ᠤᠷᠠᠨ ᠪᠦᠲᠦᠭᠡᠯᠴᠢᠳ᠂ ᠲᠡᠳᠡᠭᠡᠷ ᠦᠨ ᠨᠢᠭᠡᠳᠦᠯ᠂ ᠬᠣᠯᠪᠣᠭᠠᠨ ᠠᠴᠠ ᠢᠷᠡᠭᠦᠯᠦᠭᠰᠡᠨ ᠮᠠᠲ᠋ᠧᠷᠢᠶᠠᠯ ᠢ 2020 ᠣᠨ ᠤ 10 ᠳ᠋ᠤᠭᠠᠷ ᠰᠠᠷ᠎ᠠ ᠢᠢᠨ 20 ᠍ ᠠᠴᠠ 11  ᠳᠦᠭᠡᠷ ᠰᠠᠷ᠎ᠠ ᠢᠢᠨ 21 ᠍ ᠦ ᠡᠳᠦᠷ ᠢ ᠬᠦᠷᠲᠡᠯ᠎ᠡ ᠬᠦᠯᠢᠶᠡᠨ ᠠᠪᠤᠨ᠎ᠠ᠃

ᠤᠷᠤᠯᠳᠤᠭᠠᠨ ᠳᠤ ᠨᠢᠭᠡ ᠣᠷᠣᠯᠴᠠᠭᠴᠢ ᠬᠡᠳᠦᠨ ᠴᠤ ᠪᠦᠲᠦᠭᠡᠯ ᠢᠷᠡᠭᠦᠯᠬᠦ ᠪᠣᠯᠣᠮᠵᠢ ᠲᠠᠢ᠃ ᠮᠥᠨ ᠣᠷᠣᠯᠴᠠᠭᠴᠢ ᠪᠦᠲᠦᠭᠡᠯ ᠲᠤᠰ ᠪᠦᠷᠢ ᠳᠥ ᠥᠪᠡᠷ ᠦᠨ ᠨᠡᠷ᠎ᠡ᠂ ᠬᠣᠯᠪᠣᠭ᠎ᠠ ᠪᠠᠷᠢᠬᠤ ᠤᠲᠠᠰᠤ᠂ ᠬᠠᠶ᠋ᠢᠭ ᠢ ᠲᠣᠳᠣᠷᠬᠠᠢ ᠢᠷᠡᠭᠦᠯᠬᠦ ᠪᠥᠭᠡᠳ ᠤᠷᠤᠯᠳᠤᠭᠠᠨ ᠳᠤ ᠵᠢᠷᠤᠭ ᠲᠥᠰᠥᠯ ᠦᠨ ᠮᠡᠷᠭᠡᠵᠢᠯ ᠦᠨ ᠪᠠᠢᠢᠭᠤᠯᠤᠯᠭ᠎ᠠ /ᠭᠠᠳᠠᠭᠠᠳᠤ ᠪᠣᠯᠤᠨ ᠳᠣᠲᠣᠭᠠᠳᠤ ᠢᠢᠨ/᠂ ᠬᠤᠪᠢ ᠬᠦᠮᠦᠨ᠂ ᠮᠡᠷᠭᠡᠵᠢᠯ ᠦᠨ ᠤᠷᠠᠨ ᠪᠦᠲᠦᠭᠡᠯᠴᠢᠳ᠂ ᠲᠡᠳᠡᠭᠡᠷ ᠦᠨ ᠨᠢᠭᠡᠳᠦᠯ᠂ ᠬᠣᠯᠪᠣᠭ᠎ᠠ ᠳᠤ ᠬᠠᠮᠤᠷᠤᠭᠳᠠᠬᠤ ᠶᠤᠮ᠃

ᠮᠠᠲ᠋ᠧᠷᠢᠶᠠᠯ ᠳᠤ ᠲᠠᠯᠪᠢᠭᠳᠠᠬᠤ ᠦᠨᠳᠦᠰᠦᠨ ᠱᠠᠭᠠᠷᠳᠠᠯᠭ᠎ᠠ᠄

  • ᠮᠣᠩ᠋ᠭᠣᠯ ᠦᠨᠳᠦᠰᠦᠲᠡᠨ ᠦ ᠬᠡᠪ ᠰᠢᠨᠵᠢ ᠠᠭᠤᠯᠠᠭᠰᠠᠨ ᠭᠡᠷ ᠬᠡᠯᠪᠡᠷᠢᠲᠡᠢ ᠪᠠᠢᠢᠬᠤ ᠪᠥᠭᠡᠳ ᠦᠨᠳᠦᠰᠦᠨ ᠦ ᠣᠨᠴᠠᠯᠢᠭ᠂ ᠪᠡᠯᠭᠡᠳᠡᠯ ᠢ ᠠᠭᠤᠯᠠᠭᠰᠠᠨ ᠪᠠᠢᠢᠬᠤ;
  • ᠣᠯᠠᠨ ᠤᠯᠤᠰ ᠤᠨ ᠪᠣᠯᠤᠨ ᠦᠨᠳᠦᠰᠦᠨ ᠦ ᠰᠲ᠋ᠠᠨ᠋ᠳᠠᠷᠲ ᠤᠨ ᠳᠠᠭᠠᠭᠤ ᠳᠣᠲᠣᠭᠠᠳᠤ᠂ ᠭᠠᠳᠠᠭᠠᠳᠤ ᠣᠷᠴᠢᠨ ᠨᠢ ᠣᠯᠠᠨ ᠨᠡᠢᠢᠲᠡ ᠢᠢᠨ ᠠᠶᠤᠯ ᠦᠭᠡᠢ ᠪᠠᠢᠢᠳᠠᠯ᠂ ᠲᠠᠪᠠ ᠲᠤᠬ᠎ᠠ᠂ ᠡᠷᠡᠭᠦᠯ ᠠᠬᠤᠢ ᠢᠢᠨ ᠱᠠᠭᠠᠷᠳᠠᠯᠭ᠎ᠠ ᠢᠢ ᠪᠦᠷᠢᠨ ᠬᠠᠩ᠋ᠭᠠᠭᠰᠠᠨ ᠪᠠᠢᠢᠬᠤ;
  • 12᠂000-18᠂000 ᠦᠵᠡᠭᠴᠢ ᠢᠢᠨ ᠰᠠᠭᠤᠳᠠᠯ ᠲᠠᠢ᠂ ᠦᠵᠡᠭᠴᠢᠳ ᠦᠨ ᠰᠠᠭᠤᠳᠠᠯ ᠤᠨ ᠲᠥᠯᠦᠪᠯᠡᠯᠲᠡ ᠨᠢ ᠲᠠᠯᠠᠪᠠᠢ ᠳᠡᠭᠡᠷ᠎ᠡ ᠪᠣᠯᠤᠨ ᠠᠭᠠᠷ ᠤᠨ ᠣᠷᠣᠨ ᠵᠠᠢ ᠳᠤ ᠪᠣᠯᠵᠤ ᠪᠤᠢ ᠶᠠᠮᠠᠷ ᠴᠤ ᠦᠵᠡᠭᠦᠯᠪᠦᠷᠢ ᠢᠢ ᠪᠦᠲᠦᠨ ᠬᠠᠷᠠᠵᠤ ᠴᠢᠳᠠᠬᠤᠢᠢᠴᠠ ᠪᠠᠷ ᠲᠥᠯᠦᠪᠯᠡᠬᠦ;
  • ᠦᠵᠡᠭᠴᠢᠳ ᠦᠨ ᠲᠠᠪᠠ ᠲᠤᠬ᠎ᠠ ᠢᠢ ᠬᠠᠩ᠋ᠭᠠᠬᠤ ᠨᠡᠪᠲᠡᠷᠡᠬᠦ ᠰᠢᠰᠲ᠋ᠧᠮ᠂ ᠠᠷᠢᠭᠤᠨ ᠴᠡᠪᠡᠷ ᠦᠨ ᠥᠷᠦᠭᠡ᠂ ᠬᠤᠪᠴᠠᠰᠤᠨ ᠤ ᠡᠯᠭᠦᠭᠦᠷ᠂ ᠠᠦ᠋ᠲ᠋ᠣᠮᠠᠱᠢᠨ᠂ ᠮᠣᠲ᠋ᠣᠼᠢᠺᠯ᠂ ᠤᠨᠤᠳᠠᠭ ᠳᠤᠭᠤᠢ᠂ ᠨᠢᠰᠳᠡᠭ ᠲᠡᠷᠭᠡᠨ ᠦ ᠵᠣᠭᠰᠣᠭᠠᠯ᠂ ᠠᠮᠠᠷᠠᠯᠲᠠ᠂ ᠬᠣᠭᠣᠯᠠ᠂ ᠤᠤᠭᠤᠬᠤ ᠵᠦᠢᠯ ᠢᠶᠡᠷ ᠦᠢᠯᠡᠴᠢᠯᠡᠬᠦ ᠦᠢᠯᠡᠴᠢᠯᠡᠭᠡᠨ ᠦ ᠬᠡᠰᠡᠭ ᠦᠳ ᠪᠣᠯᠤᠨ ᠪᠤᠰᠤᠳ ᠱᠠᠭᠠᠷᠳᠠᠯᠭ᠎ᠠ ᠲᠠᠢ ᠥᠷᠦᠭᠡ ᠲᠠᠰᠤᠯᠭ᠎ᠠ ᠢᠢ ᠲᠥᠯᠦᠪᠯᠡᠭᠰᠡᠨ ᠪᠠᠢᠢᠬᠤ;
  • ᠪᠠᠷᠢᠯᠭ᠎ᠠ ᠪᠠᠢᠢᠭᠤᠯᠤᠮᠵᠢ ᠢᠢᠨ ᠱᠠᠭᠠᠷᠳᠠᠯᠭ᠎ᠠ ᠲᠠᠢ ᠬᠡᠰᠡᠭ ᠦᠳ ᠢ ᠦᠨᠢᠧᠧᠷᠰᠠᠯ ᠳ᠋ᠢᠽᠠᠢᠢᠨ ᠤ ᠵᠠᠷᠴᠢᠮ ᠢᠶᠠᠷ ᠲᠤᠰᠬᠠᠢ ᠬᠡᠷᠡᠭᠴᠡᠭᠡᠲᠦ ᠬᠦᠮᠦᠰ᠂ ᠪᠠᠭ᠎ᠠ ᠨᠠᠰᠤᠨ ᠤ ᠬᠡᠦᠬᠡᠳ ᠲᠡᠢ ᠬᠦᠮᠦᠰ᠂ ᠥᠨᠳᠦᠷ ᠨᠠᠰᠤᠲᠠᠢ ᠬᠦᠮᠦᠰ ᠲᠥ ᠵᠣᠷᠢᠭᠤᠯᠤᠨ ᠵᠠᠢᠢᠯᠠᠰᠢ ᠦᠭᠡᠢ ᠲᠥᠯᠦᠪᠯᠡᠭᠰᠡᠨ ᠪᠠᠢᠢᠬᠤ;
  • ᠴᠣᠭᠴᠠᠯᠠᠪᠤᠷᠢ ᠢᠢᠨ ᠭᠣᠣᠯ ᠬᠡᠰᠡᠭ ᠢ ᠮᠣᠩ᠋ᠭᠣᠯ ᠭᠡᠷ ᠦᠨ ᠡᠷᠦᠬᠡ ᠮᠠᠶ᠋ᠢᠭ ᠢᠶᠠᠷ ᠣᠩ᠋ᠭᠣᠷᠬᠠᠢ ᠪᠠᠢᠢᠬᠤ ᠪᠠᠷ ᠲᠥᠯᠦᠪᠯᠡᠵᠦ ᠪᠣᠯᠬᠤ ᠪᠥᠭᠡᠳ ᠡᠢᠢᠨ ᠬᠦ ᠲᠥᠯᠦᠪᠯᠡᠭᠰᠡᠨ ᠲᠣᠬᠢᠶᠠᠯᠳᠤᠯ ᠳᠤ ᠴᠠᠭ ᠠᠭᠠᠷ ᠤᠨ ᠨᠥᠬᠥᠴᠡᠯ ᠡᠴᠡ ᠬᠠᠮᠢᠶᠠᠷᠴᠤ ᠨᠡᠭᠡᠭᠡᠵᠦ᠂ ᠬᠠᠭᠠᠬᠤ ᠪᠣᠯᠤᠮᠵᠢ ᠲᠠᠢ ᠪᠠᠢᠢᠳᠠᠯ ᠢᠶᠠᠷ ᠲᠥᠯᠦᠪᠯᠡᠬᠦ;
  • ᠪᠠᠷᠢᠯᠭ᠎ᠠ ᠢᠢᠨ ᠪᠣᠯᠤᠮᠵᠢᠲᠤ ᠲᠣᠳᠣᠷᠬᠠᠢ ᠬᠡᠰᠡᠭ ᠦᠳ ᠲᠥ ᠰᠡᠷᠭᠦᠭᠡᠭ᠍ᠳᠡᠬᠦ ᠡᠷᠴᠢᠮ ᠬᠦᠴᠦ ᠢᠢ ᠳᠡᠭᠡᠳᠦ ᠬᠡᠮᠵᠢᠶᠡᠨ ᠳᠥ ᠠᠰᠢᠭᠯᠠᠬᠤ᠂ ᠡᠷᠴᠢᠮ ᠬᠦᠴᠦᠨ ᠦ ᠬᠡᠮᠨᠡᠯᠲᠡ ᠲᠡᠢ᠂ ᠳᠤᠯᠠᠭᠠᠨ ᠠᠯᠠᠳᠠᠯ ᠦᠭᠡᠢ᠂ ᠬᠠᠯᠠᠭᠠᠯᠲᠠ ᠠᠭᠠᠷ ᠰᠡᠯᠭᠦᠯᠲᠡ ᠢᠢᠨ ᠬᠠᠮᠤᠭ ᠤᠨ ᠣᠷᠴᠢᠨ ᠦᠶ᠎ᠡ ᠢᠢᠨ ᠲᠥᠯᠥᠪᠯᠡᠯᠲᠡ ᠲᠡᠢ ᠪᠠᠢᠢᠬᠤ;
  • ᠳᠣᠲᠣᠭᠠᠳᠤ᠂ ᠭᠠᠳᠠᠭᠠᠳᠤ ᠢᠢᠨ ᠵᠢᠭᠤᠯᠴᠢᠳ ᠲᠤ ᠵᠣᠷᠢᠭᠤᠯᠵᠤ ᠳᠡᠭᠡᠪᠦᠷ ᠦᠨ ᠬᠡᠰᠡᠭ ᠲᠥ ᠭᠠᠳᠠᠨ᠎ᠠ ᠣᠷᠴᠢᠨ ᠤ ᠪᠠᠢᠢᠳᠠᠯ ᠢ 360 ᠭᠷᠠᠳᠦ᠋ᠰ ᠬᠠᠷᠠᠵᠤ ᠪᠣᠯᠬᠤᠢᠢᠴᠠ ᠬᠡᠰᠡᠭ ᠲᠡᠢ ᠪᠠᠢᠢᠬᠤ ᠪᠠᠷ ᠲᠥᠯᠦᠪᠯᠡᠬᠦ;
  • ᠺᠣᠨ᠋ᠼᠧᠫᠼ ᠵᠢᠷᠤᠭ ᠨᠢ ᠪᠠᠷᠢᠯᠭ᠎ᠠ ᠪᠦᠲᠦᠭᠡᠴᠡ ᠢᠢᠨ ᠬᠤᠪᠢ ᠳᠤ ᠬᠢᠬᠦ ᠪᠣᠯᠤᠮᠵᠢ ᠲᠠᠢ ᠪᠠᠢᠢᠬᠤ ᠪᠥᠭᠡᠳ ᠪᠠᠷᠢᠯᠭ᠎ᠠ ᠢᠢᠨ ᠪᠤᠰᠤᠳ ᠬᠢᠴᠡ᠂ ᠮᠠᠲ᠋ᠧᠷᠢᠶᠠᠯ ᠲᠥᠯᠥᠪᠯᠡᠯᠲᠡ ᠢᠢᠨ ᠬᠤᠪᠢ ᠳᠤ ᠡᠳ᠋ ᠍ ᠦᠨ ᠵᠠᠰᠠᠭ ᠤᠨ ᠬᠡᠮᠨᠡᠯᠲᠡ ᠲᠡᠢ᠂ ᠦᠷ᠎ᠡ ᠠᠰᠢᠭ ᠲᠠᠢ ᠪᠠᠢᠢᠬᠤ;
  • ᠮᠣᠩ᠋ᠭᠣᠯ ᠦᠨᠳᠦᠰᠦᠲᠡᠨ ᠦ ᠪᠠᠬᠠᠷᠬᠠᠯ ᠲᠡᠮᠡᠦᠯᠡᠯ ᠦᠨ ᠪᠡᠯᠭᠡᠳᠡᠯ ᠪᠣᠯᠬᠤᠢᠢᠴᠠ ᠪᠠᠷᠢᠯᠭ᠎ᠠ᠂ ᠠᠷᠬᠢᠲ᠋ᠧᠺᠲ᠋ᠣᠷ ᠤᠨ ᠥᠪᠡᠷᠮᠢᠴᠡ᠂ ᠰᠢᠨᠡᠯᠢᠭ ᠰᠢᠢᠳᠦᠯ ᠲᠡᠢ ᠪᠠᠢᠢᠬᠤ᠃

ᠲᠠ ᠪᠦᠬᠦᠨ ᠮᠠᠲ᠋ᠧᠷᠢᠶᠠᠯ ᠢᠶᠠᠨ press@president.mn ᠬᠠᠶ᠋ᠢᠭ ᠢᠶᠠᠷ ᠢᠯᠡᠭᠡᠨ᠎ᠡ ᠦᠦ᠃ ᠮᠥᠨ ᠮᠡᠳᠡᠭᠡᠯᠡᠯ ᠢ 51-265003 ᠤᠲᠠᠰᠤ ᠪᠠᠷ ᠠᠪᠤᠨ᠎ᠠ ᠤᠤ᠃