Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬᠠᠯᠲᠠᠮ᠎ᠠ ᠢᠢᠨ ᠪᠠᠲᠤᠲᠤᠯᠭ᠎ᠠ ᠢᠢᠨ ᠰᠢᠨ᠎ᠡ ᠵᠢᠯ ᠦᠨ ᠮᠡᠨᠳᠦᠴᠢᠯᠡᠭᠡ

ᠳᠡᠭᠡᠳᠦᠰ ᠦᠨ ᠭᠣᠯᠣᠮᠲᠠ ᠪᠠᠨ ᠵᠠᠯᠭᠠᠮᠵᠢᠯᠠᠭᠰᠠᠨ ᠮᠣᠩ᠋ᠭᠣᠯᠴᠤᠳ ᠠ᠋!
ᠳᠡᠯᠡᠬᠡᠢ ᠳᠠᠶᠠᠭᠠᠷ ᠲᠦᠭᠡᠨ ᠰᠠᠭᠤᠷᠢᠰᠢᠭ᠌ᠰᠠᠨ ᠡᠯᠢᠭᠡ ᠨᠢᠭᠡᠲᠦ ᠮᠣᠩ᠋ᠭᠣᠯ ᠤᠭᠰᠠᠭᠠᠲᠠᠨ ᠨᠤᠭᠤᠳ ᠠ᠋!

ᠰᠢᠨ᠎ᠡ ᠣᠨ ᠡᠬᠢᠯᠡᠬᠦ ᠳᠥ ᠬᠡᠳᠦᠬᠡᠨ ᠬᠣᠷᠤᠮ ᠦᠯᠡᠳᠡᠯ᠎ᠡ᠃ ᠮᠣᠩ᠋ᠭᠣᠯ ᠲᠦᠮᠡᠨ ᠦ ᠢᠲᠡᠭᠡᠯ ᠨᠠᠢᠢᠳᠠᠪᠤᠷᠢ᠂ ᠢᠷᠡᠭᠡᠳᠦᠢ ᠢᠢᠨ ᠬᠦᠰᠡᠯ ᠲᠡᠮᠡᠦᠯᠡᠯ ᠢ ᠲᠡᠭᠡᠭᠡᠭ᠍ᠰᠡᠨ 2021 ᠣᠨ ᠠᠢᠢᠰᠤᠢ᠃

ᠤᠯᠠᠷᠢᠨ ᠣᠳᠴᠤ ᠪᠤᠢ 2020 ᠣᠨ ᠢ ᠳᠡᠯᠡᠬᠡᠢ ᠳ᠋ᠠᠬᠢᠨ ᠳᠤ ᠨᠢᠭᠤᠷᠯᠠᠭᠰᠡᠨ ᠴᠠᠷ᠎ ᠲᠠᠬᠤᠯ ᠤᠨ ᠰᠣᠷᠢᠯᠲᠠ ᠪᠡᠷᠬᠡᠰᠢᠶᠡᠯ ᠢ ᠳᠠᠪᠠᠨ ᠲᠤᠭᠤᠯᠬᠤ ᠳᠤ ᠨᠡᠢᠢᠲᠡ ᠳᠥ ᠪᠡᠨ ᠵᠣᠷᠢᠭᠤᠯᠤᠯ᠎ᠠ᠃ ᠭᠤᠷᠪᠠ ᠳ᠋ᠠᠬᠢ ᠮᠢᠩ᠋ᠭᠠᠨ ᠤ ᠬᠣᠷᠢ ᠳᠠᠬᠢ ᠣᠨ ᠪᠢᠳᠡᠨ ᠳᠥ ᠡᠬᠡ ᠳᠡᠯᠡᠬᠡᠢ ᠪᠡᠨ ᠬᠠᠢᠢᠷᠠᠯᠠᠬᠤ᠂ ᠬᠦᠮᠦᠨ ᠬᠦᠮᠦᠨ ᠢᠶᠡᠨ ᠡᠷᠬᠢᠮᠯᠡᠬᠦ᠂ ᠡᠪ ᠨᠢᠭᠡᠳᠦᠯ᠂ ᠰᠢᠳᠤᠷᠭᠤ ᠶᠣᠰᠣᠨ ᠤ ᠦᠨ᠎ᠡ ᠴᠠᠨ᠎ᠠ ᠢᠢ ᠤᠬᠠᠭᠠᠷᠠᠭᠤᠯᠤᠭᠰᠠᠨ᠂ ᠡᠢᠢᠮᠦ ᠵᠢᠯ ᠪᠣᠯᠵᠤ ᠥᠩᠭᠡᠷᠡᠯ᠎ᠡ᠃

ᠮᠣᠩ᠋ᠭᠣᠯ ᠤᠯᠤᠰ ᠤᠨ ᠲᠥᠷᠥ ᠵᠠᠰᠠᠭ ᠠᠷᠠᠳ ᠢᠷᠭᠡᠳ ᠦᠨ ᠢᠶᠡᠨ ᠠᠮᠢ ᠨᠠᠰᠤ᠂ ᠠᠵᠤ ᠠᠮᠢᠳᠤᠷᠠᠯ᠂ ᠡᠳ᠋ ᠍ ᠦᠨ ᠵᠠᠰᠠᠭ ᠤᠨ ᠲᠤᠰᠠᠭᠠᠷ ᠲᠣᠭᠲᠠᠨᠢᠯ ᠬᠢᠭᠡᠳ ᠰᠢᠳᠤᠷᠭᠤ ᠶᠣᠰᠣ ᠢᠢ ᠪᠡᠬᠢᠵᠢᠭᠦᠯᠬᠦ ᠪᠣᠳᠣᠯᠭ᠎ᠠ ᠢᠢ ᠬᠡᠷᠡᠭᠵᠢᠭᠦᠯᠬᠦ ᠳᠥ ᠴᠠᠭ ᠠᠯᠳᠠᠬᠤ ᠡᠷᠬᠡ ᠦᠭᠡᠢ ᠭᠡᠳᠡᠭ ᠢ ᠡᠨᠡ ᠴᠠᠭ ᠦᠶ᠎ᠡ ᠪᠢᠳᠡᠨ ᠳᠥ ᠨᠣᠲᠠᠯᠠᠨ ᠬᠠᠷᠠᠭᠤᠯᠤᠯ᠎ᠠ᠃

ᠣᠳᠣ ᠠᠴᠠ ᠶᠠᠭ ᠨᠢᠭᠡ ᠵᠢᠯ ᠦᠨ ᠡᠮᠦᠨ᠎ᠡ᠂ 2020 ᠣᠨ ᠳᠤ ᠰᠢᠯᠵᠢᠬᠦ ᠭᠱᠠᠨ ᠳᠤ ᠮᠢᠨᠦ ᠪᠡᠶ᠎ᠡ ᠦᠨᠳᠦᠰᠦᠨ ᠦ ᠠᠶᠤᠯ ᠦᠭᠡᠢ ᠪᠠᠢᠢᠳᠠᠯ ᠤᠨ ᠵᠥᠪᠯᠡᠯ ᠦᠨ ᠰᠢᠢᠳᠪᠦᠷᠢ ᠪᠡᠷ ᠤᠯᠤᠰ ᠤᠨ ᠥᠮᠴᠢᠯᠡᠯ ᠳᠥ ᠪᠤᠴᠠᠭᠠᠨ ᠠᠪᠤᠭᠰᠠᠨ ᠰᠠᠯᠬᠢᠲᠤ ᠢᠢᠨ ᠮᠥᠩᠭᠥᠨ ᠦ ᠣᠷᠳᠣ ᠢᠢ ᠡᠳ᠋ ᠍ ᠦᠨ ᠵᠠᠰᠠᠭ ᠤᠨ ᠡᠷᠭᠢᠯᠲᠡ ᠳᠥ ᠣᠷᠣᠭᠤᠯᠵᠤ᠂ ᠡᠬᠢᠨ ᠦ ᠣᠷᠣᠯᠭ᠎ᠠ ᠠᠴᠠ ᠨᠢ ᠲᠡᠳᠬᠦᠪᠦᠷᠢ ᠢᠢᠨ ᠵᠡᠭᠡᠯᠢ ᠲᠡᠢ ᠪᠦᠬᠦ ᠠᠬᠠᠮᠠᠳ ᠤᠳ ᠤᠨ ᠢᠶᠠᠨ ᠥᠷᠢ ᠢᠢ ᠲᠡᠭᠯᠡᠬᠦ ᠲᠤᠬᠠᠢ ᠮᠡᠳᠡᠭᠳᠡᠵᠦ ᠪᠠᠢᠢᠭᠰᠠᠨ ᠨᠢ ᠰᠠᠶᠢᠬᠠᠨ ᠮᠡᠲᠦ ᠰᠠᠨᠠᠭᠳᠠᠵᠤ ᠪᠠᠢᠢᠨ᠎ᠠ᠃

ᠠᠢᠢᠰᠤᠢ 2021 ᠣᠨ ᠢ ᠤᠭᠲᠤᠬᠤ ᠡᠨᠡ ᠲᠣᠷᠭᠠᠨ ᠮᠥᠴᠡ ᠳᠥ ᠳᠡᠯᠡᠬᠡᠢ ᠢᠢᠨ ᠤᠯᠤᠰ ᠣᠷᠣᠨ ᠨᠤᠭᠤᠳ ᠤᠨ ᠵᠢᠱᠢᠭ ᠢᠶᠡᠷ ᠨᠡᠢᠢᠲᠡ ᠡᠷᠦᠬᠡ ᠢᠢᠨ ᠠᠮᠢᠵᠢᠷᠠᠭ᠎ᠠ ᠢᠢ ᠲᠡᠳᠭᠦᠬᠦ᠂ ᠦᠨᠳᠦᠰᠦᠨ ᠦ ᠦᠢᠯᠡᠳᠪᠦᠷᠢᠯᠡᠯ᠂ ᠠᠵᠤ ᠠᠬᠤᠢ ᠢᠢᠨ ᠨᠢᠭᠡᠴᠡ ᠨᠦᠭᠦᠳ ᠦᠨ ᠠᠵᠢᠯ ᠤᠨ ᠪᠠᠢᠢᠷᠢ ᠢᠢ ᠬᠠᠳᠠᠭᠠᠯᠠᠬᠤ ᠵᠣᠷᠢᠯᠭ᠎ᠠ ᠪᠠᠷ ᠦᠨᠳᠦᠰᠦᠨ ᠦ ᠦᠢᠯᠡᠳᠪᠦᠷᠢᠯᠡᠭᠴᠢᠳ ᠡᠴᠡ ᠪᠠᠷᠠᠭ᠎ᠠ᠂ ᠪᠦᠲᠦᠭᠡᠭ᠍ᠳᠡᠬᠦᠨ ᠬᠤᠳᠠᠯᠳᠤᠨ ᠠᠪᠬᠤ ᠳᠤ ᠵᠣᠷᠢᠭᠤᠯᠤᠨ ᠡᠷᠦᠬᠡ ᠪᠦᠷᠢ ᠳᠥ ᠨᠢᠭᠡ ᠰᠠᠶ᠎ᠠ ᠲᠥᠭᠥᠷᠢᠭ᠌ ᠦᠨ ᠡᠷᠬᠡ ᠢᠢᠨ ᠪᠢᠴᠢᠭ᠌ ᠢ ᠣᠯᠭᠣᠬᠤ ᠰᠠᠨᠠᠭᠠᠴᠢᠯᠠᠭ᠎ᠠ ᠢᠢ ᠮᠣᠩ᠋ᠭᠣᠯ ᠤᠯᠤᠰ ᠤᠨ ᠶᠡᠷᠦᠩᠬᠡᠢᠢᠯᠡᠭᠴᠢ ᠮᠢᠨᠦ ᠪᠡᠶ᠎ᠡ ᠳᠠᠬᠢᠨ ᠳᠡᠪᠰᠢᠭᠦᠯᠵᠦ ᠪᠠᠢᠢᠨ᠎ᠠ᠃

ᠰᠡᠭᠦᠯ ᠦᠨ ᠭᠤᠷᠪᠠᠨ ᠵᠢᠯ ᠦᠨ ᠬᠤᠭᠤᠴᠠᠭᠠᠨ ᠳᠤ ᠬᠠᠤᠯᠢ ᠬᠢᠨᠠᠯᠲᠠ ᠢᠢᠨ ᠪᠠᠢᠢᠭᠤᠯᠤᠯᠭ᠎ᠠ ᠢᠢᠨ ᠨᠡᠢᠢᠲᠡ ᠠᠯᠪᠠᠨ ᠬᠠᠭᠠᠭᠴᠢᠳ ᠮᠠᠨᠢ ᠣᠯᠢᠭᠠᠷᠬᠢ ᠨᠤᠭᠤᠳ ᠤᠨ ᠣᠹᠹᠰᠣᠷ ᠪᠥᠰᠡ ᠳᠥ ᠨᠢᠭᠤᠴᠠᠯᠠᠭᠰᠠᠨ ᠠᠰᠤᠷᠤ ᠶᠡᠬᠡ ᠬᠡᠮᠵᠢᠶᠡᠨ ᠦ ᠬᠠᠤᠯᠢ ᠪᠤᠰᠤ ᠬᠥᠷᠥᠩᠭᠡ ᠢᠢ ᠨᠢ ᠢᠯᠡᠷᠡᠭᠦᠯᠵᠦ᠂ ᠪᠠᠭᠤᠬᠤ ᠡᠵᠡᠨ ᠲᠡᠢ᠂ ᠪᠤᠴᠠᠬᠤ ᠮᠥᠷ ᠲᠡᠢ ᠡᠵᠡᠨ ᠬᠣᠯᠪᠣᠭᠳᠠᠭᠴᠢᠳ ᠢ ᠨᠢ ᠲᠣᠭᠲᠠᠭᠠᠭᠰᠠᠭᠠᠷ ᠪᠠᠢᠢᠨ᠎ᠠ᠃

ᠮᠢᠨᠦ ᠪᠡᠶ᠎ᠡ ᠶᠡᠷᠦᠩᠬᠡᠢᠢᠯᠡᠭᠴᠢ ᠪᠡᠷ ᠰᠣᠩ᠋ᠭᠣᠭᠳᠣᠰᠠᠨ ᠠᠴᠠ ᠪᠠᠨ ᠬᠣᠢᠢᠰᠢ ᠬᠠᠤᠯᠢ ᠬᠢᠨᠠᠯᠲᠠ ᠢᠢᠨ ᠪᠠᠢᠢᠭᠤᠯᠤᠯᠭ᠎ᠠ ᠨᠤᠭᠤᠳ ᠢ ᠬᠠᠤᠯᠢ ᠢᠢᠨ ᠬᠦᠷᠢᠶᠡᠨ ᠳᠥ ᠬᠠᠷᠠᠭᠠᠲᠤ ᠪᠤᠰᠤ ᠪᠠᠷ ᠴᠢᠭ᠌ ᠡᠭᠦᠷᠭᠡ ᠪᠡᠨ ᠬᠡᠷᠡᠭᠵᠢᠭᠦᠯᠬᠦ ᠢᠢ ᠤᠳᠠᠭ᠎ᠠ ᠳᠠᠷᠠᠭ᠎ᠠ ᠱᠠᠭᠠᠷᠳᠠᠵᠤ ᠪᠠᠢᠢᠭᠰᠠᠨ ᠢ ᠲᠠ ᠪᠦᠬᠦᠨ ᠮᠡᠳᠡᠵᠦ ᠪᠠᠢᠢᠭ᠎ᠠ᠃

ᠰᠢᠳᠤᠷᠭᠤ ᠶᠣᠰᠣ ᠢᠢ ᠰᠠᠬᠢᠨ ᠬᠠᠮᠠᠭᠠᠯᠠᠬᠤ ᠲᠡᠮᠡᠴᠡᠯ ᠦᠨ ᠢᠶᠡᠨ ᠬᠦᠷᠢᠶᠡᠨ ᠳᠥ ᠬᠠᠤᠯᠢ ᠬᠢᠨᠠᠯᠲᠠ ᠢᠢᠨ ᠪᠠᠢᠢᠭᠤᠯᠤᠯᠭ᠎ᠠ ᠢᠢᠨ ᠠᠯᠪᠠᠨ ᠬᠠᠭᠠᠭᠴᠢᠳ ᠲᠥᠷᠥ ᠢᠢᠨ ᠨᠡᠷ᠎ᠡ ᠢᠢᠨ ᠡᠮᠦᠨ᠎ᠡ ᠡᠴᠡ ᠨᠡᠢᠢᠲᠡ ᠢᠢᠨ ᠡᠷᠬᠡ ᠠᠰᠢᠭ ᠢ ᠬᠠᠮᠠᠭᠠᠯᠠᠵᠤ᠂ ᠠᠷᠠᠳ ᠲᠦᠮᠡᠨ ᠦ ᠡᠮᠦᠨ᠎ᠡ ᠬᠦᠯᠢᠶᠡᠭᠰᠡᠨ ᠡᠭᠦᠷᠭᠡ ᠪᠡᠨ ᠦᠨᠡᠨᠴᠢ ᠪᠡᠷ ᠪᠡᠶᠡᠯᠡᠭᠦᠯᠵᠦ ᠪᠠᠢᠢᠨ᠎ᠠ᠃ ᠲᠤᠬᠠᠢᠢᠯᠠᠪᠠᠯ᠂ ᠲᠥᠷᠥ ᠢᠢᠨ ᠥᠨᠳᠥᠷ ᠠᠯᠪᠠᠨ ᠲᠤᠰᠢᠶᠠᠯ ᠤᠳ ᠢ ᠠᠷᠠᠳ ᠢᠷᠭᠡᠳ ᠦᠨ ᠢᠲᠡᠭᠡᠯ ᠨᠠᠢᠢᠳᠠᠪᠤᠷᠢ ᠢᠢ ᠬᠦᠯᠢᠶᠡᠨ ᠬᠠᠰᠢᠵᠤ ᠪᠠᠢᠢᠬᠤ ᠳᠤ ᠪᠠᠨ ᠢᠷᠭᠡᠳ ᠦᠨ ᠪᠣᠯᠤᠮᠵᠢ᠂ ᠤᠯᠤᠰ ᠤᠨ ᠥᠮᠴᠢ᠂ ᠨᠡᠢᠢᠲᠡ ᠢᠢᠨ ᠬᠥᠷᠥᠩᠭᠡ ᠢᠢ ᠬᠤᠯᠠᠭᠠᠢᠢᠯᠠᠭᠰᠠᠨ ᠴᠠᠭᠠᠨ ᠵᠠᠬᠠᠲᠠᠨ ᠨᠤᠭᠤᠳ ᠤᠨ ᠬᠡᠷᠡᠭ ᠦᠳ ᠢ ᠠᠩᠬ᠎ᠠ ᠤᠳᠠᠭ᠎ᠠ ᠰᠢᠯᠭᠠᠵᠤ ᠡᠬᠢᠯᠡᠭᠦᠯᠦᠭᠡᠳ ᠪᠠᠢᠢᠨ᠎ᠠ᠃

ᠮᠣᠩ᠋ᠭᠣᠯ ᠤᠯᠤᠰ ᠤᠨ ᠦᠨᠳᠦᠰᠦᠨ ᠬᠠᠤᠯᠢ ᠳᠤ ᠵᠢᠭᠠᠭᠰᠠᠨ ᠤ ᠳᠠᠭᠠᠭᠤ ᠪᠠᠶᠠᠯᠢᠭ ᠢ ᠨᠡᠢᠢᠲᠡ ᠢᠷᠭᠡᠳ ᠲᠥ ᠲᠡᠭᠰᠢ ᠬᠦᠷᠲᠡᠭᠡᠬᠦ ᠪᠣᠯᠤᠮᠵᠢ ᠢᠢ ᠰᠢᠳᠤᠷᠭᠤ ᠶᠣᠰᠣᠨ ᠤ ᠲᠥᠯᠦᠭᠡᠬᠢ ᠲᠡᠮᠡᠴᠡᠯ ᠮᠠᠨᠢ ᠡᠬᠢᠯᠡᠭᠦᠯᠦᠭᠡᠳ ᠪᠠᠢᠢᠭ᠎ᠠ ᠨᠢ ᠡᠨᠡ᠃

ᠡᠨᠡ ᠲᠡᠮᠡᠴᠡᠯ ᠠᠮᠠᠷ ᠦᠭᠡᠢ᠂ ᠪᠡᠷᠬᠡ ᠨᠥᠬᠥᠴᠡᠯ ᠳᠥ ᠶᠠᠪᠤᠭᠳᠠᠵᠤ ᠪᠠᠢᠢᠨ᠎ᠠ᠃

ᠪᠠᠶᠠᠯᠢᠭ ᠤᠨ ᠰᠢᠳᠤᠷᠭᠤ ᠬᠤᠪᠢᠶᠠᠷᠢᠯᠠᠯᠲᠠ ᠨᠢᠭᠡ᠂ ᠬᠣᠶᠠᠷ ᠤᠳᠠᠭ᠎ᠠ ᠢᠢᠨ ᠠᠷᠭ᠎ᠠ ᠬᠡᠮᠵᠢᠶ᠎ᠡ ᠪᠡᠷ ᠬᠢᠵᠠᠭᠠᠷᠯᠠᠭᠳᠠᠬᠤ ᠶᠣᠰᠣ ᠦᠭᠡᠢ ᠶᠤᠮ᠃ ᠬᠠᠮᠤᠭ ᠤᠨ ᠰᠠᠢᠢᠨ ᠬᠠᠯᠠᠮᠵᠢ ᠪᠣᠯ ᠠᠵᠢᠯ ᠤᠨ ᠪᠠᠢᠢᠷᠢ ᠬᠡᠮᠡᠬᠦ ᠬᠠᠨᠳᠤᠯᠭ᠎ᠠ ᠪᠠᠷ ᠮᠣᠩ᠋ᠭᠣᠯ ᠬᠦᠮᠦᠨ ᠪᠦᠷᠢ ᠢᠢᠨ ᠠᠮᠢᠳᠤᠷᠠᠯ ᠢ ᠳᠡᠮᠵᠢᠨ ᠲᠡᠳᠭᠦᠬᠦ ᠲᠣᠭᠲᠠᠪᠤᠷᠢᠲᠠᠢ ᠪᠣᠳᠣᠯᠭ᠎ᠠ ᠪᠣᠯᠬᠤ ᠶᠣᠰᠣᠲᠠᠢ᠃

ᠮᠣᠩ᠋ᠭᠣᠯ ᠤᠯᠤᠰ ᠤᠨ ᠢᠷᠭᠡᠳ ᠪᠣᠯ ᠮᠣᠩ᠋ᠭᠣᠯ ᠲᠥᠷᠥ ᠢᠢᠨ ᠢᠵᠠᠭᠤᠷ ᠦᠨᠳᠦᠰᠦ ᠮᠥᠨ᠃

ᠰᠢᠨ᠎ᠡ ᠣᠨ ᠰᠣᠯᠢᠭᠳᠠᠬᠤ ᠡᠨᠡ ᠠᠯᠲᠠᠨ ᠭᠱᠠᠨ ᠳᠤ 2021 ᠣᠨ ᠠᠮᠤᠷ ᠠᠮᠤᠭᠤᠯᠠᠩ᠂ ᠡᠷᠡᠭᠦᠯ ᠡᠩᠬᠡ ᠢᠢ ᠠᠪᠴᠢᠷᠠᠵᠤ᠂ ᠤᠯᠤᠰ ᠲᠦᠮᠡᠨ ᠢᠶᠡᠷ ᠢᠶᠡᠨ ᠠᠵᠠ ᠵᠢᠷᠭᠠᠯ ᠲᠠᠢ᠂ ᠰᠡᠳᠬᠢᠯ ᠲᠡᠨᠢᠭᠦᠨ ᠪᠠᠢᠢᠵᠤ᠂ ᠰᠢᠳᠤᠷᠭᠤ ᠶᠣᠰᠣ ᠢᠯᠠᠨ ᠮᠠᠨᠳᠤᠬᠤ ᠢᠢᠨ ᠢᠷᠦᠭᠡᠯ ᠢ ᠳᠡᠪᠰᠢᠭᠦᠯᠦᠶ᠎ᠡ!

ᠮᠥᠩᠬᠡ ᠲᠩᠷᠢ ᠢᠢᠨ ᠬᠦᠴᠦᠨ ᠳᠣᠷ᠎ ᠮᠣᠩ᠋ᠭᠣᠯᠴᠤᠳ ᠲᠡᠭᠰᠢ ᠵᠢᠷᠭᠠᠵᠤ᠂ ᠬᠥᠭ᠍ᠵᠢᠨ ᠮᠠᠨᠳᠤᠬᠤ ᠢᠢᠨ ᠴᠢᠯᠦᠭᠡ ᠤᠴᠠᠷᠠᠯ ᠪᠥᠷᠢᠳᠬᠦ ᠪᠣᠯᠲᠤᠭᠠᠢ!