Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ᠄ ᠬᠡᠦᠬᠡᠳ ᠦᠨ ᠬᠥᠭ᠍ᠵᠢᠯ᠂ ᠬᠠᠮᠠᠭᠠᠯᠠᠯ ᠤᠨ ᠠᠰᠠᠭᠤᠳᠠᠯ ᠪᠣᠯ ᠡᠩ ᠲᠡᠷᠢᠭᠦᠨ ᠳᠥ ᠲᠥᠷᠥ ᠢᠢᠨ ᠡᠭᠦᠷᠭᠡ᠂ ᠪᠠᠰᠠ ᠮᠣᠩ᠋ᠭᠣᠯ ᠬᠦᠮᠦᠨ ᠪᠦᠷᠢ ᠢᠢᠨ ᠡᠭᠦᠷᠭᠡ ᠶᠤᠮ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠰᠠᠨᠠᠭᠠᠴᠢᠯᠠᠭ᠎ᠠ ᠪᠠᠷ 《ᠬᠡᠦᠬᠡᠳ ᠦᠨ ᠲᠥᠯᠦᠭᠡ ᠹᠣᠨ᠋ᠳ᠋》 ᠍ ᠤᠨ ᠦᠢᠯᠡ ᠠᠵᠢᠯᠯᠠᠭ᠎ᠠ ᠢᠢ ᠰᠡᠷᠭᠦᠭᠡᠵᠦ ᠪᠤᠢ ᠲᠠᠢ ᠬᠣᠯᠪᠣᠭᠳᠠᠭᠤᠯᠤᠨ ᠠᠩᠬᠠᠨ ᠤ ᠬᠤᠷᠠᠮᠲᠤᠯᠠᠯ ᠡᠭᠦᠰᠬᠡᠬᠦ ᠵᠣᠷᠢᠯᠭ᠎ᠠ ᠪᠠᠷ 《ᠮᠣᠩ᠋ᠭᠣᠯ ᠰᠣᠶᠣᠯ-ᠮᠣᠩ᠋ᠭᠣᠯ ᠬᠡᠦᠬᠡᠳ》 ᠴᠠᠬᠢᠮ ᠲᠣᠭᠯᠠᠯᠲᠠ ᠢᠢ ᠵᠣᠬᠢᠶᠠᠨ ᠪᠠᠢᠢᠭᠤᠯᠵᠤ ᠪᠠᠢᠢᠨ᠎ᠠ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬᠠᠯᠲᠠᠮ᠎ᠠ ᠢᠢᠨ ᠪᠠᠲᠤᠲᠤᠯᠭ᠎ᠠ ᠲᠣᠭᠯᠠᠯᠲᠠ ᠢᠢᠨ ᠨᠡᠭᠡᠭᠡᠯᠲᠡ ᠳᠥ ᠮᠡᠨᠳᠦᠴᠢᠯᠡᠭᠡ ᠳᠡᠪᠰᠢᠭᠦᠯᠦᠯ᠎ᠡ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬᠠᠯᠲᠠᠮ᠎ᠠ ᠢᠢᠨ ᠪᠠᠲᠤᠲᠤᠯᠭ᠎ᠠ:
《ᠲᠠ ᠪᠦᠬᠦᠨ ᠳᠥ ᠡᠨᠡ ᠡᠳᠦᠷ ᠦᠨ ᠮᠡᠨᠳᠦ ᠢᠢ ᠬᠦᠷᠭᠡᠶ᠎ᠡ!

《ᠪᠦᠬᠦᠨ ᠢ ᠬᠡᠦᠬᠡᠳ ᠦᠨ ᠲᠥᠯᠦᠭᠡ》 ᠤᠷᠢᠶ᠎ᠠ ᠲᠠᠢ ᠪᠠᠷ ᠬᠡᠦᠬᠡᠳ ᠪᠠᠭᠠᠴᠤᠳ ᠤᠨ ᠲᠥᠯᠦᠭᠡᠬᠢ ᠶᠡᠬᠡ ᠪᠦᠲᠦᠭᠡᠨ ᠪᠠᠢᠢᠭᠤᠯᠤᠯᠲᠠ ᠢᠢ ᠡᠷᠴᠢᠮᠲᠡᠢ ᠥᠷᠨᠢᠭᠦᠯᠵᠦ᠂ ᠠᠷᠠᠳ ᠲᠦᠮᠡᠨ ᠦ ᠰᠡᠳᠬᠢᠯ ᠵᠢᠷᠦᠬᠡᠨ ᠳᠥ ᠬᠣᠨᠣᠭᠰᠢᠵᠤ᠂ ᠲᠡᠦᠬᠡᠨ ᠳᠥ ᠪᠢᠴᠢᠭᠳᠡᠭᠰᠡᠨ 《ᠬᠡᠦᠬᠡᠳ ᠦᠨ ᠲᠥᠯᠦᠭᠡ ᠹᠣᠨ᠋ᠳ᠋》 ᠍ ᠢ ᠬᠠᠭᠠᠰ ᠵᠠᠭᠤᠨ ᠤ ᠳᠠᠷᠠᠭ᠎ᠠ ᠳᠠᠬᠢᠨ ᠰᠡᠷᠭᠦᠭᠡᠨ ᠪᠠᠢᠢᠭᠤᠯᠵᠤ ᠪᠠᠢᠢᠨ᠎ᠠ᠃

ᠪᠢᠳᠡ ᠡᠮᠦᠨᠡᠬᠢ ᠦᠶ᠎ᠡ ᠢᠢᠨ ᠢᠶᠡᠨ ᠰᠠᠢᠢᠨ ᠲᠤᠷᠰᠢᠯᠭ᠎ᠠ᠂ ᠵᠥᠪ ᠤᠯᠠᠮᠵᠢᠯᠠᠯ ᠢ ᠣᠷᠴᠢᠨ ᠴᠠᠭ ᠤᠨ ᠣᠨᠴᠠᠯᠢᠭ ᠲᠤ ᠨᠡᠢᠢᠴᠡᠭᠦᠯᠵᠦ᠂ ᠢᠯᠡᠭᠦᠦ ᠪᠦᠲᠦᠭᠡᠯᠴᠢ᠂ ᠦᠷ᠎ᠡ ᠳ᠋ᠦᠩᠲᠡᠢ ᠪᠡᠷ ᠬᠥᠭ᠍ᠵᠢᠭᠦᠯᠬᠦ ᠨᠢ ᠴᠢᠬᠤᠯᠠ ᠪᠣᠯᠴᠢᠬᠠᠭᠠᠳ ᠪᠠᠢᠢᠨ᠎ᠠ᠃

《ᠬᠡᠦᠬᠡᠳ ᠦᠨ ᠲᠥᠯᠦᠭᠡ ᠹᠣᠨ᠋ᠳ᠋》 ᠍ ᠤᠨ ᠦᠢᠯᠡ ᠠᠵᠢᠯᠯᠠᠭ᠎ᠠ᠂ ᠦᠵᠡᠯ ᠰᠠᠨᠠᠭ᠎ᠠ᠂ ᠵᠣᠷᠢᠯᠭ᠎ᠠ ᠴᠢᠭᠯᠡᠯ ᠨᠢ ᠬᠡᠦᠬᠡᠳ ᠦᠨ ᠬᠥᠭ᠍ᠵᠢᠯ᠂ ᠬᠠᠮᠠᠭᠠᠯᠠᠯ ᠤᠨ ᠠᠰᠠᠭᠤᠳᠠᠯ ᠢᠯᠡᠭᠦᠦ ᠣᠯᠠᠨ ᠲᠠᠯ᠎ᠠ ᠲᠠᠢ ᠪᠥᠭᠡᠳ ᠬᠤᠷᠴᠠ ᠪᠠᠷ ᠲᠠᠯᠪᠢᠭᠳᠠᠬᠤ ᠪᠣᠯᠤᠭᠰᠠᠨ ᠣᠳᠣ ᠦᠶ᠎ᠡ ᠳᠥ ᠨᠡᠩ ᠱᠠᠭᠠᠷᠳᠠᠯᠭ᠎ᠠ ᠲᠠᠢ ᠰᠠᠢᠢᠨ ᠲᠤᠷᠰᠢᠯᠭ᠎ᠠ᠂ ᠤᠯᠠᠮᠵᠢᠯᠠᠯ ᠪᠢᠯᠡ᠃

ᠬᠡᠦᠬᠡᠳ ᠪᠣᠯ ᠦᠨᠳᠦᠰᠦᠲᠡᠨ ᠦ ᠪᠠᠶᠠᠷ ᠪᠠᠶᠠᠰᠬᠤᠯᠠᠩ᠂ ᠭᠡᠷᠡᠯ ᠭᠡᠭᠡ᠂ ᠠᠮᠢᠳᠤᠷᠠᠯ ᠤᠨ ᠤᠳᠬ᠎ᠠ ᠤᠴᠢᠷ ᠶᠤᠮ᠃ ᠬᠡᠦᠬᠡᠳ ᠪᠣᠯ ᠪᠢᠳᠡᠨ ᠦ ᠢᠷᠡᠭᠡᠳᠦᠢ᠂ ᠬᠥᠭ᠍ᠵᠢᠯ ᠦᠨ ᠪᠤᠤᠬᠢᠶ᠎ᠠ ᠢᠢ ᠦᠶ᠎ᠡ ᠢᠢᠨ ᠦᠶ᠎ᠡ ᠳᠥ ᠦᠷᠭᠦᠯᠵᠢᠯᠡᠭᠦᠯᠬᠦ ᠠᠯᠲᠠᠨ ᠬᠡᠯᠬᠢᠶᠡᠰᠦ ᠶᠤᠮ᠃

ᠡᠬᠡ ᠣᠷᠣᠨ ᠤ ᠪᠠᠨ ᠢᠷᠡᠭᠡᠳᠦᠢ ᠪᠣᠯᠤᠭᠰᠠᠨ ᠬᠡᠦᠬᠡᠳ ᠪᠠᠭᠠᠴᠤᠳ ᠢ ᠡᠷᠡᠭᠦᠯ᠂ ᠠᠶᠤᠯ ᠦᠭᠡᠢ ᠤᠷᠴᠢᠨ ᠳᠤ ᠥᠰᠬᠡᠨ ᠬᠦᠮᠦᠵᠢᠭᠦᠯᠵᠦ᠂ ᠡᠷᠳᠡᠮ ᠮᠡᠳᠡᠯᠭᠡ ᠲᠡᠭᠦᠰ᠂ ᠪᠡᠶ᠎ᠡ ᠪᠢᠯᠳᠠᠷ ᠲᠡᠭᠰᠢ᠂ ᠡᠬᠡ ᠣᠷᠣᠨᠴᠢ ᠦᠵᠡᠯ ᠬᠦᠮᠦᠵᠢᠯᠲᠡᠢ᠂ ᠡᠪᠦᠭᠡ ᠳᠡᠭᠡᠳᠦᠰ ᠦᠨ ᠢᠶᠡᠨ ᠲᠡᠦᠬᠡ ᠤᠯᠠᠮᠵᠢᠯᠠᠯ ᠢ ᠬᠦᠨᠳᠦᠳᠬᠡᠭ᠍ᠰᠡᠨ᠂ ᠪᠠᠢᠢᠭᠠᠯᠢ ᠳᠡᠯᠡᠬᠡᠢ ᠪᠡᠨ ᠬᠠᠢᠢᠷᠠᠯᠠᠨ ᠬᠠᠮᠠᠭᠠᠯᠠᠬᠤ ᠰᠡᠳᠬᠢᠯ ᠲᠡᠢ᠂ ᠣᠶᠤᠨᠯᠢᠭ ᠵᠥᠪ ᠮᠣᠩ᠋ᠭᠣᠯ ᠬᠦᠮᠦᠨ ᠪᠣᠯᠭᠠᠨ ᠲᠥᠯᠦᠪᠰᠢᠭᠦᠯᠬᠦ ᠨᠢ ᠮᠣᠩ᠋ᠭᠣᠯ ᠤᠯᠤᠰ ᠤᠨ ᠬᠥᠭ᠍ᠵᠢᠯ ᠦᠨ ᠰᠠᠭᠤᠷᠢ ᠨᠢ ᠶᠤᠮ᠃

ᠬᠡᠦᠬᠡᠳ ᠦᠨ ᠬᠥᠭ᠍ᠵᠢᠯ᠂ ᠬᠠᠮᠠᠭᠠᠯᠠᠯ ᠤᠨ ᠠᠰᠠᠭᠤᠳᠠᠯ ᠪᠣᠯ ᠡᠩ ᠲᠡᠷᠢᠭᠦᠨ ᠳᠥ ᠲᠥᠷᠥ ᠢᠢᠨ ᠡᠭᠦᠷᠭᠡ᠂ ᠪᠠᠰᠠ ᠮᠣᠩ᠋ᠭᠣᠯ ᠬᠦᠮᠦᠨ ᠪᠦᠷᠢ ᠢᠢᠨ ᠡᠭᠦᠷᠭᠡ᠃ ᠲᠠ ᠪᠦᠬᠦᠨ ᠡᠬᠡ ᠣᠷᠣᠨ ᠤ ᠪᠠᠨ ᠢᠷᠡᠭᠡᠳᠦᠢ ᠢᠢᠨ ᠲᠥᠯᠥᠭᠡ 《ᠬᠡᠦᠬᠡᠳ ᠦᠨ ᠲᠥᠯᠥᠭᠡ ᠹᠣᠨ᠋ᠳ᠋》 ᠍ ᠤᠨ ᠦᠢᠯᠡ ᠠᠵᠢᠯᠯᠠᠭ᠎ᠠ ᠢᠢ ᠳᠡᠮᠵᠢᠵᠦ᠂ ᠬᠠᠮᠲᠤᠷᠠᠨ ᠠᠵᠢᠯᠯᠠᠨ᠎ᠠ ᠭᠡᠳᠡᠭ ᠲᠥ ᠮᠢᠨᠦ ᠪᠡᠶ᠎ᠡ ᠢᠲᠡᠭᠡᠵᠦ ᠪᠠᠢᠢᠨ᠎ᠠ᠃

ᠮᠥᠩᠬᠡ ᠲᠩᠷᠢ ᠢᠢᠨ ᠬᠦᠴᠦᠨ ᠳᠣᠷ᠎ ᠮᠣᠩ᠋ᠭᠣᠯ  ᠤᠨ ᠮᠠᠨᠢ ᠦᠷᠡᠰ ᠤᠯᠠᠮ ᠣᠯᠠᠨ ᠪᠣᠯᠵᠤ᠂ ᠵᠢᠷᠭᠠᠯ ᠴᠡᠩᠭᠡᠯ ᠢᠶᠡᠷ ᠳᠦᠭᠦᠷᠡᠩ᠂ ᠡᠷᠳᠡᠮ ᠮᠡᠳᠡᠯᠭᠡ ᠪᠡᠷ ᠠᠷᠪᠢᠨ ᠥᠰᠴᠦ ᠲᠣᠷᠨᠢᠬᠤ ᠪᠣᠯᠲᠤᠭᠠᠢ》 ᠭᠡᠯ᠎ᠡ᠃

ᠮᠥᠨ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬᠠᠯᠲᠠᠮ᠎ᠠ ᠢᠢᠨ ᠪᠠᠲᠤᠲᠤᠯᠭ᠎ᠠ ᠴᠢᠩᠭᠢᠰ ᠬᠠᠭᠠᠨ ᠤ ᠪᠢᠯᠢᠭ᠌ ᠰᠤᠷᠭᠠᠯ ᠠᠴᠠ ᠮᠣᠩ᠋ᠭᠣᠯ ᠪᠢᠴᠢᠭ᠌ ᠢᠶᠡᠷ ᠪᠢᠴᠢᠵᠦ᠂ 《ᠬᠡᠦᠬᠡᠳ ᠦᠨ ᠲᠥᠯᠥᠭᠡ ᠹᠣᠨ᠋ᠳ᠋》 ᠍ ᠤᠨ ᠦᠢᠯᠡ ᠠᠵᠢᠯᠯᠠᠭᠠᠨ ᠳᠤ ᠵᠣᠷᠢᠭᠤᠯᠤᠨ ᠬᠠᠨᠳᠢᠪᠯᠠᠵᠤ ᠪᠠᠢᠢᠨ᠎ᠠ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬᠠᠯᠲᠠᠮ᠎ᠠ ᠢᠢᠨ ᠪᠠᠲᠤᠲᠤᠯᠭ᠎ᠠ ᠴᠢᠩᠭᠢᠰ ᠬᠠᠭᠠᠨ ᠤ ᠪᠢᠯᠢᠭ᠌ ᠰᠤᠷᠭᠠᠯ ᠤᠨ 《…ᠮᠢᠨᠦ ᠪᠠᠶᠠᠰᠬᠤ ᠨᠢ ᠡᠨᠡ ᠳᠡᠯᠡᠬᠡᠢ ᠳ᠋ᠠᠬᠢᠨ ᠨᠢᠭᠡᠨ ᠭᠡᠷ ᠪᠦᠯᠢ ᠮᠡᠲᠦ ᠪᠣᠯᠵᠤ ᠲᠥᠪ ᠲᠥᠪᠰᠢᠨ᠂ ᠡᠩᠬᠡ ᠠᠮᠤᠭᠤᠯᠠᠩ ᠪᠣᠯᠪᠠᠰᠤ ᠰᠠᠶ᠋ᠢ ᠮᠢᠨᠦ ᠪᠠᠶᠠᠰᠬᠤ ᠬᠡᠷᠡᠭ》 ᠬᠡᠮᠡᠬᠦ ᠬᠡᠰᠡᠭ ᠢ ᠮᠣᠩ᠋ᠭᠣᠯ ᠪᠢᠴᠢᠭ᠌ ᠢᠶᠡᠷ ᠪᠢᠴᠢᠵᠡᠢ᠃