Та "Internet explorer"-ийн сүүлийн хувилбар болох "Microsoft edge"-г ашиглана уу

Хэрэв "Microsoft edge"-г татах бол энд дарж татаж авна уу

ᠤᠩ᠋ᠭᠠᠷᠢ ᠤᠯᠤᠰ ᠠᠴᠠ ᠮᠣᠩ᠌ᠭᠣᠯ ᠤᠯᠤᠰ ᠲᠤ ᠰᠠᠭᠤᠬᠤ ᠣᠨᠴᠠ ᠪᠥᠭᠡᠳ ᠪᠦᠷᠢᠨ ᠡᠷᠬᠡᠲᠦ ᠡᠯᠴᠢᠨ ᠰᠠᠢᠢᠳ ᠪᠣᠷᠪᠠᠯᠠ ᠠᠨ᠋ᠨᠠ ᠣᠪᠷᠦ᠋ᠱᠠᠨ᠋ᠰᠺᠢ ᠢᠲᠡᠭᠡᠮᠵᠢᠯᠡᠬᠦ ᠵᠢᠭᠤᠬᠤ ᠪᠢᠴᠢᠭ ᠢᠶᠡᠨ ᠡᠷᠭᠦᠨ ᠪᠠᠷᠢᠯ᠎ᠠ

ᠤᠩ᠋ᠭᠠᠷᠢ ᠤᠯᠤᠰ ᠠᠴᠠ ᠮᠣᠩ᠌ᠭᠣᠯ ᠤᠯᠤᠰ ᠲᠤ ᠰᠠᠭᠤᠬᠤ ᠣᠨᠴᠠ ᠪᠥᠭᠡᠳ ᠪᠦᠷᠢᠨ ᠡᠷᠬᠡᠲᠦ ᠡᠯᠴᠢᠨ ᠰᠠᠢᠢᠳ ᠪᠣᠷᠪᠠᠯᠠ ᠠᠨ᠋ᠨᠠ ᠣᠪᠷᠦ᠋ᠱᠠᠨ᠋ᠰᠺᠢ ᠥᠨᠥᠳᠥᠷ ᠮᠣᠩ᠌ᠭᠣᠯ ᠤᠯᠤᠰ ᠤᠨ ᠶᠡᠷᠦᠩᠬᠡᠢᠢᠯᠡᠭᠴᠢ ᠬᠠᠯᠲᠠᠮ᠎ᠠ ᠢᠢᠨ ᠪᠠᠲᠤᠲᠤᠯᠭ᠎ᠠ ᠳᠤ ᠢᠲᠡᠭᠡᠮᠵᠢᠯᠡᠬᠦ ᠵᠢᠭᠤᠬᠤ ᠪᠢᠴᠢᠭ᠌ ᠢᠶᠡᠨ ᠡᠷᠬᠦᠨ ᠪᠠᠷᠢᠯ᠎ᠠ᠃

ᠢᠲᠡᠭᠡᠮᠵᠢᠯᠡᠬᠦ ᠵᠢᠭᠤᠬᠤ ᠪᠢᠴᠢᠭ᠌ ᠢᠶᠡᠨ ᠡᠷᠬᠦᠨ ᠪᠠᠷᠢᠭᠰᠠᠨ ᠲᠠᠢ ᠨᠢ ᠬᠣᠯᠪᠣᠭᠳᠠᠭᠤᠯᠤᠨ ᠮᠣᠩ᠌ᠭᠣᠯ ᠤᠯᠤᠰ ᠤᠨ ᠶᠡᠷᠦᠩᠬᠡᠢᠢᠯᠡᠭᠴᠢ ᠬᠠᠯᠲᠠᠮ᠎ᠠ ᠢᠢᠨ ᠪᠠᠲᠤᠲᠤᠯᠭ᠎ᠠ ᠡᠯᠴᠢᠨ ᠰᠠᠢᠢᠳ ᠪᠣᠷᠪᠠᠯᠠ ᠠᠨ᠋ᠨᠠ ᠣᠪᠷᠦ᠋ᠱᠠᠨ᠋ᠰᠺᠢ ᠢᠢ ᠬᠦᠯᠢᠶᠡᠨ ᠠᠪᠴᠤ ᠠᠭᠤᠯᠵᠠᠪᠠ᠃

ᠠᠭᠤᠯᠵᠠᠯᠲᠠ ᠢᠢᠨ ᠦᠶ᠎ᠡ ᠪᠡᠷ᠂ ᠮᠣᠩ᠌ᠭᠣᠯ ᠤᠯᠤᠰ ᠤᠨ ᠶᠡᠷᠦᠩᠬᠡᠢᠢᠯᠡᠭᠴᠢ ᠬᠠᠯᠲᠠᠮ᠎ᠠ ᠢᠢᠨ ᠪᠠᠲᠤᠲᠤᠯᠭ᠎ᠠ᠂ ᠤᠩ᠋ᠭᠠᠷᠢ ᠤᠯᠤᠰ ᠤᠨ ᠶᠡᠷᠦᠩᠬᠡᠢ ᠰᠠᠢᠢᠳ ᠸᠢᠺᠲ᠋ᠣᠷ ᠣᠷᠪᠠᠨ ᠨᠠᠷ ᠤᠨ ᠥᠩᠭᠡᠷᠡᠭᠰᠡᠨ ᠰᠠᠷ᠎ᠠ ᠳᠤ ᠬᠢᠭ᠍ᠰᠡᠨ ᠴᠠᠬᠢᠮ ᠠᠭᠤᠯᠵᠠᠯᠲᠠ ᠢᠢᠨ ᠦᠶ᠎ᠡ ᠪᠡᠷ ᠬᠡᠯᠡᠯᠴᠡᠵᠦ ᠲᠣᠬᠢᠷᠠᠭᠰᠠᠨ ᠠᠵᠢᠯ ᠤᠳ ᠢ ᠤᠷᠤᠭᠰᠢᠯᠠᠭᠤᠯᠬᠤ᠂ ᠲᠣᠳᠣᠷᠠᠭᠤᠯᠪᠠᠯ᠂ ᠬᠣᠶᠠᠷ ᠤᠯᠤᠰ ᠤᠨ ᠬᠠᠮᠲᠤ ᠢᠢᠨ ᠠᠵᠢᠯᠯᠠᠭ᠎ᠠ ᠢᠢ ᠰᠣᠶᠣᠯ ᠤᠷᠠᠯᠢᠭ᠂ ᠪᠣᠯᠪᠠᠰᠤᠷᠠᠯ᠂ ᠰᠫᠣᠷᠲ᠂ ᠬᠥᠳᠡᠭᠡ ᠠᠵᠤ ᠠᠬᠤᠢ᠂ ᠤᠰᠤᠨ ᠤ ᠮᠧᠨᠧᠵᠮᠧᠨ᠋ᠲ᠂ ᠪᠢᠽᠢᠨ᠋᠋ᠧᠰ ᠦᠨ ᠴᠢᠭᠯᠡᠯ ᠳᠥ ᠥᠷᠭᠡᠵᠢᠭᠦᠯᠦᠨ ᠬᠥᠭ᠍ᠵᠢᠭᠦᠯᠬᠦ ᠪᠣᠯᠤᠮᠵᠢ ᠨᠤᠭᠤᠳ ᠤᠨ ᠲᠠᠯ᠎ᠠ ᠪᠠᠷ ᠶᠠᠷᠢᠯᠴᠠᠯ᠎ᠠ᠃

ᠲᠤᠬᠠᠢᠢᠯᠠᠪᠠᠯ᠂ ᠮᠣᠩ᠌ᠭᠣᠯ ᠤᠯᠤᠰ ᠤᠨ ᠶᠡᠷᠦᠩᠬᠡᠢᠢᠯᠡᠭᠴᠢ ᠬᠠᠯᠲᠠᠮ᠎ᠠ ᠢᠢᠨ ᠪᠠᠲᠤᠲᠤᠯᠭ᠎ᠠ ᠬᠣᠶᠠᠷ ᠤᠯᠤᠰ ᠤᠨ ᠬᠠᠮᠲᠤᠷᠠᠨ ᠬᠡᠷᠡᠭᠵᠢᠭᠦᠯᠵᠦ ᠪᠤᠢ 《ᠪᠢᠣᠺᠣᠮᠪᠢᠨᠠᠲ》 ᠍ ᠢ ᠰᠢᠨᠡᠳᠭᠡᠬᠦ ᠲᠥᠰᠥᠯ ᠢ ᠠᠮᠵᠢᠯᠲᠠᠲᠠᠢ ᠬᠡᠷᠡᠭᠵᠢᠭᠦᠯᠵᠦ ᠳᠠᠭᠤᠰᠬᠠᠬᠤ ᠨᠢ ᠴᠢᠬᠤᠯᠠ ᠪᠠᠢᠢᠭ᠎ᠠ ᠢᠢ ᠲᠡᠮᠳᠡᠭᠯᠡᠵᠦ᠂ ᠮᠣᠩ᠌ᠭᠣᠯ ᠣᠷᠣᠨ ᠤ ᠭᠣᠪᠢ ᠢᠢᠨ ᠪᠥᠰᠡ ᠳᠥ ᠪᠠᠷᠢᠵᠤ ᠪᠤᠢ ᠲᠡᠮᠦᠷ ᠵᠠᠮ ᠢ ᠳᠠᠭᠠᠭᠰᠠᠨ 1000 ᠺᠢᠯᠣᠮᠧᠲ᠋ᠷ ᠤᠰᠤᠵᠢᠭᠤᠯᠬᠤ ᠬᠣᠭᠣᠯᠠᠢ ᠲᠠᠲᠠᠬᠤ ᠰᠤᠳᠤᠯᠭ᠎ᠠ ᠢᠢ ᠬᠢᠵᠦ᠂ ᠪᠠᠷᠢᠯᠭ᠎ᠠ ᠢᠢᠨ ᠠᠵᠢᠯ ᠢ ᠡᠬᠢᠯᠡᠭᠦᠯᠬᠦ ᠳᠥ ᠪᠡᠯᠡᠨ ᠪᠣᠯᠤᠭᠰᠠᠨ ᠲᠠᠯ᠎ᠠ ᠪᠠᠷ ᠳᠤᠭᠤᠯᠠᠭᠠᠯ᠎ᠠ᠃

ᠲᠡᠭᠦᠨᠴᠢᠯᠡᠨ ᠰᠣᠶᠣᠯ ᠤᠷᠠᠯᠢᠭ᠂ ᠰᠫᠣᠷᠲ ᠤᠨ ᠰᠠᠯᠪᠤᠷᠢ ᠪᠠᠨ ᠬᠥᠭ᠍ᠵᠢᠭᠦᠯᠵᠦ ᠪᠤᠢ ᠤᠩ᠋ᠭᠠᠷᠢ ᠤᠯᠤᠰ ᠤᠨ ᠲᠤᠷᠰᠢᠯᠭ᠎ᠠ ᠢᠢ ᠰᠤᠳᠤᠯᠵᠤ᠂ ᠮᠣᠩ᠋ᠭᠣᠯ ᠳᠤ ᠨᠤᠲᠤᠭᠰᠢᠭᠤᠯᠬᠤ᠂ ᠡᠨᠡ ᠴᠢᠭᠯᠡᠯ ᠢᠶᠡᠷ ᠬᠠᠮᠲᠤᠷᠠᠨ ᠠᠵᠢᠯᠯᠠᠬᠤ ᠠᠰᠠᠭᠤᠳᠠᠯ ᠢᠶᠠᠷ ᠰᠠᠨᠠᠯ ᠰᠣᠯᠢᠯᠴᠠᠭᠰᠠᠨ ᠶᠤᠮ᠃ ᠮᠥᠨ ᠤᠩ᠋ᠭᠠᠷᠢ ᠤᠯᠤᠰ ᠤᠨ ᠵᠠᠰᠠᠭ ᠤᠨ ᠭᠠᠵᠠᠷ ᠠᠴᠠ ᠵᠢᠯ ᠳᠥ 200 ᠮᠣᠩ᠌ᠭᠣᠯ ᠣᠶᠤᠲᠠᠨ ᠳᠤ ᠣᠯᠭᠤᠳᠠᠭ ᠲᠡᠳᠬᠦᠯᠭᠡ ᠳᠥ ᠬᠥᠲᠥᠯᠪᠦᠷᠢ ᠢᠢ ᠦᠷᠭᠦᠯᠵᠢᠯᠡᠭᠦᠯᠵᠦ᠂ ᠤᠭ ᠬᠥᠲᠥᠯᠪᠦᠷᠢ ᠪᠡᠷ ᠳᠠᠮᠵᠢᠭᠤᠯᠤᠨ ᠬᠣᠶᠠᠷ ᠤᠯᠤᠰ ᠤᠨ ᠬᠠᠮᠲᠤ ᠢᠢᠨ ᠠᠵᠢᠯᠯᠠᠭ᠎ᠠ ᠢᠢ ᠢᠳᠡᠪᠬᠢᠵᠢᠭᠦᠯᠬᠦ ᠪᠡᠷ ᠶᠠᠷᠢᠯᠴᠠᠵᠤ ᠪᠤᠢ ᠰᠠᠯᠪᠠᠷ ᠤᠳ ᠤᠨ ᠬᠦᠮᠦᠨ ᠦ ᠨᠥᠭᠡᠴᠡ ᠢᠢ ᠪᠡᠯᠡᠳᠬᠡᠬᠦ ᠨᠢ ᠵᠦᠢᠲᠡᠢ ᠭᠡᠯ᠎ᠡ᠃

ᠠᠭᠤᠯᠵᠠᠯᠲᠠ ᠢᠢᠨ ᠲᠡᠭᠦᠰᠬᠡᠯ ᠳᠥ ᠮᠣᠩ᠌ᠭᠣᠯ ᠤᠯᠤᠰ ᠤᠨ ᠶᠡᠷᠦᠩᠬᠡᠢᠢᠯᠡᠭᠴᠢ ᠬᠠᠯᠲᠠᠮ᠎ᠠ ᠢᠢᠨ ᠪᠠᠲᠤᠲᠤᠯᠭ᠎ᠠ ᠮᠣᠩ᠌ᠭᠣᠯ ᠤᠯᠤᠰ ᠢ ᠰᠠᠢᠢᠨ ᠮᠡᠳᠡᠳᠡᠭ ᠬᠦᠮᠦᠨ ᠡᠯᠴᠢᠨ ᠰᠠᠢᠢᠳ ᠢᠶᠠᠷ ᠲᠣᠮᠢᠯᠠᠭᠳᠠᠭᠰᠠᠨ ᠤᠴᠢᠷ ᠠᠴᠠ ᠬᠣᠶᠠᠷ ᠤᠯᠤᠰ ᠤᠨ ᠬᠠᠷᠢᠯᠴᠠᠭ᠎ᠠ᠂ ᠬᠠᠮᠲᠤ ᠢᠢᠨ ᠠᠵᠢᠯᠯᠠᠭ᠎ᠠ ᠢᠢ ᠪᠦᠬᠦᠢ ᠯᠠ ᠰᠠᠯᠪᠤᠷᠢ ᠳᠤ ᠢᠳᠡᠪᠬᠢᠵᠢᠭᠦᠯᠬᠦ ᠳᠥ ᠴᠢᠬᠤᠯᠠ ᠡᠭᠦᠷᠭᠡ ᠭᠦᠢᠴᠡᠳᠭᠡᠵᠦ᠂ ᠠᠭᠤᠯᠵᠠᠯᠲᠠ ᠢᠢᠨ ᠦᠶ᠎ᠡ ᠪᠡᠷ ᠶᠠᠷᠢᠯᠴᠠᠭᠰᠠᠨ ᠲᠥᠰᠦᠯ᠂ ᠬᠥᠲᠦᠯᠪᠦᠷᠢ ᠨᠦᠭᠦᠳ ᠢ ᠬᠡᠷᠡᠭᠵᠢᠭᠦᠯᠬᠦ ᠳᠥ ᠬᠢᠴᠢᠶᠡᠯ ᠵᠢᠳᠬᠦᠯ ᠭᠠᠷᠭᠠᠨ ᠠᠵᠢᠯᠯᠠᠨ᠎ᠠ ᠭᠡᠳᠡᠭ ᠲᠥ ᠢᠲᠡᠭᠡᠵᠦ ᠪᠠᠢᠢᠭ᠎ᠠ ᠪᠠᠨ ᠢᠯᠡᠷᠬᠡᠢᠢᠯᠡᠪᠡ᠃

ᠣᠨᠴᠠ ᠪᠥᠭᠡᠳ ᠪᠥᠷᠢᠨ ᠡᠷᠬᠡᠲᠦ ᠡᠯᠴᠢᠨ ᠰᠠᠢᠢᠳ ᠪᠣᠷᠪᠠᠯᠠ ᠠᠨ᠋ᠨᠠ ᠣᠪᠷᠦ᠋ᠱᠠᠨ᠋ᠰᠺᠢ ᠮᠣᠩ᠌ᠭᠣᠯ ᠤᠯᠤᠰ ᠤᠨ ᠶᠡᠷᠦᠩᠬᠡᠢᠢᠯᠡᠭᠴᠢ ᠬᠠᠯᠲᠠᠮ᠎ᠠ ᠢᠢᠨ ᠪᠠᠲᠤᠲᠤᠯᠭ᠎ᠠ᠂ ᠤᠩ᠋ᠭᠠᠷᠢ ᠤᠯᠤᠰ ᠤᠨ ᠶᠡᠷᠦᠩᠬᠡᠢ ᠰᠠᠢᠢᠳ ᠸᠢᠺᠲ᠋ᠣᠷ ᠣᠷᠪᠠᠨ ᠨᠠᠷ ᠤᠨ ᠴᠠᠬᠢᠮ ᠠᠭᠤᠯᠵᠠᠯᠲᠠ ᠢᠢᠨ ᠦᠶ᠎ᠡ ᠪᠡᠷ ᠶᠠᠷᠢᠭᠳᠠᠭᠰᠠᠨ ᠠᠵᠢᠯ ᠤᠳ ᠤᠨ ᠲᠠᠯ᠎ᠠ ᠪᠠᠷ ᠮᠡᠳᠡᠭᠡᠯᠡᠯ ᠠᠪᠤᠭᠰᠠᠨ ᠭᠡᠳᠡᠭ ᠢᠶᠡᠨ ᠬᠡᠯᠡᠵᠦ᠂ ᠳᠡᠭᠡᠷᠡᠬᠢ ᠲᠥᠰᠦᠯ ᠦᠳ ᠢ ᠠᠵᠢᠯ ᠬᠡᠷᠡᠭ ᠪᠣᠯᠭᠠᠬᠤ ᠢᠢᠨ ᠲᠤᠯᠠᠳᠠ ᠣᠢᠢᠷ᠎ᠠ ᠢᠢᠨ ᠬᠤᠭᠤᠴᠠᠭᠠᠨ ᠳᠤ ᠠᠭᠤᠯᠵᠠᠵᠤ᠂ ᠶᠠᠷᠢᠯᠴᠠᠬᠤ ᠳᠤ ᠪᠡᠯᠡᠨ ᠭᠡᠳᠡᠭ ᠢᠶᠡᠨ ᠢᠯᠡᠷᠬᠡᠢᠢᠯᠡᠭᠰᠡᠨ ᠢᠶᠡᠷ ᠠᠭᠤᠯᠵᠠᠯᠲᠠ ᠥᠨᠳᠦᠷᠯᠡᠯ᠎ᠡ᠃

ᠮᠣᠩ᠌ᠭᠣᠯ ᠤᠯᠤᠰ᠂ ᠤᠩ᠋ᠭᠠᠷᠢ ᠤᠯᠤᠰ ᠤᠨ ᠬᠣᠭᠣᠷᠣᠨᠳᠣ ᠳ᠋ᠢᠫᠯᠣᠮᠠᠲ ᠬᠠᠷᠢᠯᠴᠠᠭ᠎ᠠ ᠲᠣᠭᠲᠠᠭᠠᠭᠰᠠᠨ ᠤ 70 ᠵᠢᠯ ᠦᠨ ᠣᠢ ᠡᠨᠡ ᠣᠨ ᠳᠤ ᠲᠣᠬᠢᠶᠠᠵᠤ ᠪᠤᠢ ᠪᠥᠭᠡᠳ ᠣᠢ ᠢᠢᠨ ᠬᠦᠷᠢᠶᠡᠨ ᠳᠥ ᠬᠠᠮᠲᠤᠷᠠᠨ ᠲᠥᠯᠦᠪᠯᠡᠵᠦ ᠪᠠᠢᠢᠭᠰᠠᠨ ᠠᠵᠢᠯ ᠤᠳ ᠢ ᠴᠠᠷ᠎ ᠲᠠᠬᠤᠯ ᠤᠨ ᠨᠥᠬᠥᠴᠡᠯ ᠪᠠᠢᠢᠳᠠᠯ ᠳᠤ ᠨᠡᠢᠢᠴᠡᠭᠦᠯᠦᠨ ᠬᠡᠷᠡᠭᠵᠢᠭᠦᠯᠦᠭᠰᠡᠨ ᠪᠢᠯᠡ᠃