Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠵᠠᠷᠯᠢᠭ ᠭᠠᠷᠭᠠᠵᠤ᠂ ᠲᠥᠷᠥ ᠢᠢᠨ ᠳᠡᠭᠡᠳᠦ ᠴᠣᠯᠠ ᠬᠦᠷᠲᠡᠭᠡᠯ᠎ᠡ

ᠲᠤᠯᠭᠤᠷ ᠲᠥᠷᠥ ᠢᠢᠨ 2230 ᠵᠢᠯ᠂ ᠶᠡᠬᠡ ᠮᠣᠩ᠋ᠭᠣᠯ ᠤᠯᠤᠰ ᠪᠠᠢᠢᠭᠤᠯᠤᠭᠳᠠᠰᠤᠨ ᠤ 815 ᠵᠢᠯ᠂ ᠦᠨᠳᠦᠰᠦᠨ ᠦ ᠡᠷᠬᠡ ᠴᠢᠯᠦᠭᠡ᠂ ᠲᠤᠰᠠᠭᠠᠷ ᠲᠣᠭᠲᠠᠨᠢᠯ ᠢᠶᠠᠨ ᠰᠡᠷᠭᠦᠭᠡᠨ ᠮᠠᠨᠳᠤᠭᠤᠯᠤᠭᠰᠠᠨ ᠤ 110 ᠵᠢᠯ᠂ ᠠᠷᠠᠳ ᠤᠨ ᠬᠤᠪᠢᠰᠬᠠᠯ ᠤᠨ 100 ᠵᠢᠯ᠂ ᠠᠷᠠᠳᠴᠢᠯᠠᠭᠰᠠᠨ ᠬᠤᠪᠢᠰᠬᠠᠯ ᠤᠨ 32 ᠵᠢᠯ ᠦᠨ ᠣᠢ᠂ ᠮᠣᠩ᠋ᠭᠣᠯ ᠤᠨ ᠦᠨᠳᠦᠰᠦᠨ ᠦ ᠤᠯᠠᠮᠵᠢᠯᠠᠯᠲᠤ ᠴᠠᠭᠠᠨ ᠰᠠᠷ᠎ᠠ ᠢᠢᠨ ᠪᠠᠶᠠᠷ ᠢ ᠲᠣᠬᠢᠶᠠᠯᠳᠤᠭᠤᠯᠤᠨ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬᠠᠯᠲᠠᠮ᠎ᠠ ᠢᠢᠨ ᠪᠠᠲᠤᠲᠤᠯᠭ᠎ᠠ ᠲᠥᠷᠥ ᠢᠢᠨ ᠳᠡᠭᠡᠳᠦ ᠴᠣᠯᠠ ᠭᠠᠷᠳᠠᠭᠤᠯᠤᠯ᠎ᠠ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬᠠᠯᠲᠠᠮ᠎ᠠ ᠢᠢᠨ ᠪᠠᠲᠤᠲᠤᠯᠭ᠎ᠠ ᠱᠠᠩᠨᠠᠯ ᠭᠠᠷᠳᠠᠭᠤᠯᠤᠭᠰᠠᠨ ᠤ ᠪᠠᠨ ᠳᠠᠷᠠᠭ᠎ᠠ᠄
᠋᠋《ᠭᠠᠪᠰᠢᠭᠠᠢᠢᠴᠢᠳ᠂ ᠮᠠᠩᠯᠠᠢᠢᠯᠠᠭᠴᠢᠳ ᠠ᠋᠂
ᠲᠥᠷᠥ ᠢᠢᠨ ᠳᠡᠭᠡᠳᠦ ᠴᠣᠯᠠ ᠬᠦᠷᠲᠡᠭᠰᠡᠳ ᠡ᠂
ᠮᠣᠩ᠋ᠭᠣᠯ ᠲᠦᠮᠡᠨ ᠦ ᠤᠯᠠᠮᠵᠢᠯᠠᠯᠲᠤ ᠪᠠᠶᠠᠷ ᠠᠷᠪᠠᠨ ᠳᠣᠯᠣᠳᠤᠭᠠᠷ ᠵᠢᠷᠠᠨ ᠤ ᠴᠠᠭᠠᠭᠴᠢᠨ ᠦᠬᠡᠷ ᠵᠢᠯ ᠦᠨ ᠮᠡᠨᠳᠦ ᠢᠢ ᠲᠠ ᠪᠦᠬᠦᠨ ᠳᠥ ᠤᠭᠲᠤᠭᠤᠯᠤᠨ ᠠᠢᠢᠯᠠᠳᠬᠠᠶ᠎ᠠ᠃

ᠮᠣᠩ᠋ᠭᠣᠯ ᠤᠨ ᠲᠥᠷᠥ ᠲᠡᠮᠳᠡᠭᠯᠡᠯᠲᠦ ᠣᠢ᠂ ᠤᠯᠠᠮᠵᠢᠯᠠᠯᠲᠤ ᠪᠠᠶᠠᠷ ᠤᠳ ᠢ ᠲᠣᠬᠢᠶᠠᠯᠳᠤᠭᠤᠯᠤᠨ ᠠᠵᠢᠯ ᠦᠢᠯᠡᠰ ᠲᠥ ᠪᠡᠨ ᠮᠠᠩᠯᠠᠢᠢᠯᠠᠭᠰᠠᠨ᠂ ᠬᠥᠳᠡᠯᠮᠦᠷᠢ ᠵᠢᠳᠬᠦᠯ ᠭᠠᠷᠭᠠᠭᠰᠠᠨ ᠢᠷᠭᠡᠳ ᠢᠶᠡᠨ ᠱᠠᠩᠨᠠᠵᠤ᠂ ᠤᠷᠮᠠᠰᠢᠭᠤᠯᠳᠠᠭ ᠡᠢᠢᠮᠦ ᠰᠠᠢᠢᠬᠠᠨ ᠤᠯᠠᠮᠵᠢᠯᠠᠯ ᠲᠠᠢ᠃ ᠲᠡᠷᠡ ᠤᠯᠠᠮᠵᠢᠯᠠᠯ ᠢ ᠪᠠᠷᠢᠮᠲᠠᠯᠠᠨ ᠰᠠᠯᠪᠤᠷᠢ ᠰᠠᠯᠪᠤᠷᠢ ᠠᠴᠠ ᠢᠷᠡᠭᠦᠯᠦᠭᠰᠡᠨ ᠲᠣᠳᠣᠷᠬᠠᠢᠢᠯᠠᠯᠲᠠ᠂ ᠬᠦᠰᠡᠯᠲᠡ ᠢᠢ ᠪᠠᠷᠢᠮᠲᠠᠯᠠᠨ ᠲᠥᠷᠥ ᠢᠢᠨ ᠳᠡᠭᠡᠳᠦ ᠴᠣᠯᠠ ᠣᠯᠭᠤᠵᠤ ᠪᠠᠢᠢᠨ᠎ᠠ᠃ ᠰᠠᠯᠪᠤᠷᠢ ᠢᠢᠨ ᠬᠠᠮᠲᠤ ᠣᠯᠠᠨ᠂ ᠬᠠᠷᠢᠶ᠎ᠠ ᠢᠷᠭᠡᠳ ᠦᠨ ᠲᠥᠯᠥᠭᠡᠯᠡᠭᠴᠢᠳ ᠦᠨ ᠬᠤᠷᠠᠯ ᠢᠶᠠᠷ ᠬᠡᠯᠡᠯᠴᠡᠭᠳᠡᠨ ᠢᠷᠡᠭᠦᠯᠦᠭᠰᠡᠨ ᠱᠠᠩᠨᠠᠯ᠂ ᠴᠣᠯᠠ ᠣᠯᠭᠣᠬᠤ ᠰᠢᠢᠳᠪᠦᠷᠢ ᠢᠢ ᠲᠥᠷᠥ ᠢᠢᠨ ᠲᠡᠷᠢᠭᠦᠨ ᠦ ᠬᠤᠪᠢ ᠪᠠᠷ ᠪᠠᠲᠤᠯᠠᠭᠠᠵᠢᠭᠤᠯᠤᠨ ᠭᠠᠷᠳᠠᠭᠤᠯᠬᠤ ᠨᠢ ᠮᠢᠨᠦ ᠡᠭᠦᠷᠭᠡ ᠶᠤᠮ ᠰᠢᠦ᠃

ᠥᠨᠥᠳᠥᠷ ᠱᠠᠩᠨᠠᠭᠳᠠᠭᠰᠠᠳ ᠤᠨ ᠳᠤᠮᠳᠠ ᠠᠴᠠ ᠣᠨᠴᠠᠯᠠᠨ ᠳᠤᠷᠠᠳᠬᠤ ᠬᠦᠮᠦᠰ ᠪᠤᠢ᠃

ᠲᠥᠪ ᠠᠢᠢᠮᠠᠭ ᠤᠨ ᠪᠠᠶᠠᠨᠵᠢᠷᠭᠠᠯᠠᠩ ᠰᠤᠮᠤ ᠢᠢᠨ ᠮᠠᠯᠴᠢᠨ ᠬᠠᠩᠳᠤ ᠢᠢᠨ ᠷᠢᠨᠴᠢᠨᠳᠣᠷᠵᠢ ᠬᠡᠮᠡᠬᠦ 85 ᠨᠠᠰᠤ ᠢᠢ ᠵᠣᠭᠣᠭᠯᠠᠵᠤ ᠪᠤᠢ ᠪᠠᠭᠤᠷᠠᠢ ᠮᠣᠩ᠋ᠭᠣᠯ ᠤᠯᠤᠰ ᠤᠨ ᠬᠥᠳᠡᠯᠮᠦᠷᠢ ᠢᠢᠨ ᠪᠠᠭᠠᠲᠤᠷ ᠴᠣᠯᠠ ᠪᠠᠷ ᠱᠠᠩᠨᠠᠭᠳᠠᠵᠤ ᠪᠠᠢᠢᠨ᠎ᠠ᠃ ᠲᠠᠨ ᠳᠤ ᠪᠠᠶᠠᠷ ᠬᠦᠷᠭᠡᠶ᠎ᠡ᠃ ᠨᠡᠭᠦᠳᠡᠯᠴᠢ ᠮᠠᠯᠴᠢᠳ ᠤᠨ ᠮᠠᠯᠴᠢ ᠤᠬᠠᠭᠠᠨ ᠢ ᠥᠪᠯᠡᠨ᠂ ᠨᠠᠰᠤᠨ ᠲᠤᠷᠰᠢᠳᠠ ᠪᠠᠨ ᠪᠠᠶᠠᠵᠢᠭᠤᠯᠤᠨ ᠬᠥᠭ᠍ᠵᠢᠭᠦᠯᠵᠦ᠂ ᠮᠠᠯ ᠰᠦᠷᠦᠭ ᠢᠶᠡᠨ ᠲᠣᠭᠲᠠᠮᠠᠯ ᠥᠰᠬᠡᠵᠦ᠂ ᠠᠷᠪᠢᠵᠢᠭᠤᠯᠵᠤ ᠶᠠᠪᠤᠭ᠎ᠠ ᠪᠤᠶᠠᠨᠲᠠᠢ ᠪᠤᠭᠤᠷᠤᠯ ᠳᠤ ᠪᠠᠨ ᠮᠣᠩ᠋ᠭᠣᠯ ᠬᠦᠮᠦᠨ ᠪᠦᠷᠢ ᠢᠢᠨ ᠡᠮᠦᠨ᠎ᠡ ᠡᠴᠡ ᠮᠡᠬᠦᠢᠢᠨ ᠶᠣᠰᠣᠯᠠᠶ᠎ᠠ᠃ ᠡᠨᠡ ᠲᠠᠰᠢᠷᠠᠮ ᠳᠤ ᠳᠠᠭᠤᠯᠭᠠᠬᠤ ᠳᠤ ᠮᠢᠩ᠋ᠭᠠᠨ ᠮᠡᠷᠭᠡᠵᠢᠯ ᠦᠨ ᠡᠵᠡᠨ ᠪᠣᠯᠤᠭᠰᠠᠨ ᠮᠠᠯᠴᠢᠳ ᠲᠤ ᠪᠠᠨ ᠮᠡᠷᠭᠡᠵᠢᠯ ᠦᠨ ᠦᠨᠡᠮᠯᠡᠬᠦ ᠣᠯᠭᠤᠵᠤ ᠡᠬᠢᠯᠡᠬᠦ ᠳᠥ ᠬᠠᠩᠳᠤ ᠢᠢᠨ ᠷᠢᠨᠴᠢᠨᠳᠣᠷᠵᠢ ᠭᠤᠸᠠᠢ᠂ ᠭᠡᠷᠭᠡᠢ ᠮᠣᠯᠣᠮᠵᠠᠮᠴᠤ ᠢᠢᠨ ᠴᠡᠰᠡᠩᠳᠣᠯᠭᠠᠷ ᠭᠤᠸᠠᠢ ᠢᠢᠨ ᠬᠠᠮᠲᠤ ᠬᠠᠮᠤᠭ ᠤᠨ ᠠᠩᠬ᠎ᠠ 《ᠮᠠᠯᠴᠢᠨ ᠤ ᠦᠨᠡᠮᠯᠡᠬᠦ》 ᠭᠠᠷᠳᠠᠵᠤ ᠠᠪᠴᠤ ᠪᠠᠢᠢᠭᠰᠠᠨ ᠭᠡᠷ ᠪᠦᠯᠢ ᠶᠤᠮ᠃ ᠮᠥᠨ ᠤᠯᠤᠰ ᠤᠨ ᠬᠣᠱᠣᠢ ᠠᠪᠤᠷᠭᠤ ᠮᠠᠯᠴᠢᠨ ᠷᠢᠨᠴᠢᠨᠳᠣᠷᠵᠢ ᠭᠤᠸᠠᠢ ᠢᠢᠨ 12 ᠬᠡᠦᠬᠡᠳ ᠦᠨ 9 ᠬᠡᠦᠬᠡᠳ ᠨᠢ ᠮᠠᠯ ᠮᠠᠯᠯᠠᠨ ᠤᠯᠤᠰ᠂ ᠠᠢᠢᠮᠠᠭ ᠤᠨ ᠠᠪᠤᠷᠭᠤ ᠨᠤᠭᠤᠳ ᠪᠣᠯᠤᠨ ᠪᠣᠢᠢᠵᠢᠵᠤ᠂ ᠲᠡᠭᠦᠪᠡᠷ ᠲᠣᠭᠲᠠᠬᠤ ᠦᠭᠡᠢ ᠠᠴᠢ ᠵᠢᠭᠡ ᠨᠠᠷ ᠨᠢ ᠤᠳᠤᠮ ᠳᠠᠮᠵᠢᠨ ᠮᠠᠯ ᠮᠠᠯᠯᠠᠵᠤ᠂ ᠥᠪ ᠰᠤᠶᠤᠯ ᠢᠶᠠᠨ ᠲᠡᠭᠡᠭᠡᠵᠦ ᠰᠤᠮᠤ᠂ ᠠᠢᠢᠮᠠᠭ ᠤᠨ ᠠᠪᠤᠷᠭᠤ ᠮᠠᠯᠴᠢᠨ ᠪᠣᠯᠤᠭᠰᠠᠨ ᠪᠠᠬᠠᠷᠬᠠᠮ᠎ᠠ ᠲᠡᠦᠬᠡ ᠢᠢ ᠪᠢᠴᠢᠵᠦ ᠶᠠᠪᠤᠭ᠎ᠠ᠃ ᠮᠣᠩ᠋ᠭᠣᠯ ᠪᠢᠳᠡᠨ ᠦ ᠰᠤᠶᠤᠯ᠂ ᠲᠡᠦᠬᠡ ᠪᠣᠯ ᠮᠠᠯᠴᠢᠨ ᠤ ᠰᠤᠶᠤᠯ᠂ ᠮᠠᠯᠴᠢᠨ ᠤ ᠤᠬᠠᠭᠠᠨ ᠳᠡᠭᠡᠷ᠎ᠡ ᠡᠭᠦᠰᠦᠭᠰᠡᠨ ᠭᠡᠳᠡᠭ ᠢ ᠴᠠᠭ ᠦᠷᠭᠦᠯᠵᠢ ᠰᠠᠨᠠᠵᠤ ᠶᠠᠪᠤᠬᠤ᠂ ᠬᠦᠨᠳᠦᠯᠡᠵᠦ ᠪᠠᠬᠠᠷᠬᠠᠵᠤ ᠶᠠᠪᠤᠬᠤ ᠤᠴᠢᠷᠲᠠᠢ᠃

ᠣᠯᠠᠨ ᠳᠤ ᠪᠠᠨ 《ᠵᠠᠪᠬᠠᠨ》 ᠍ ᠤ ᠪᠠᠲᠤᠰᠦ᠋ᠬᠡ ᠭᠡᠵᠦ ᠠᠯᠳᠠᠷᠰᠢᠭᠰᠠᠨ ᠳᠠᠭᠤᠴᠢᠨ᠂ ᠰᠠᠩᠵᠠᠢᠢᠵᠠᠪ ᠤᠨ ᠪᠠᠲᠤᠰᠦ᠋ᠬᠡ ᠮᠣᠩ᠋ᠭᠣᠯ ᠤᠯᠤᠰ ᠤᠨ ᠠᠷᠠᠳ ᠤᠨ ᠵᠦᠵᠦᠭᠡᠴᠢᠨ ᠴᠣᠯᠠ ᠬᠦᠷᠲᠡᠵᠦ ᠪᠠᠢᠢᠨ᠎ᠠ᠃ ᠰ ∙ ᠪᠠᠲᠤᠰᠦ᠋ᠬᠡ ᠪᠣᠯ ᠣᠯᠠᠨ ᠵᠢᠯ ᠠᠷᠠᠳ ᠤᠨ ᠢᠶᠠᠨ ᠰᠡᠳᠬᠢᠯ ᠵᠢᠷᠦᠬᠡᠨ ᠳᠥ ᠬᠦᠷᠴᠦ ᠳᠠᠭᠤᠯᠠᠵᠤ ᠴᠢᠳᠠᠭᠰᠠᠨ᠂ ᠤᠳᠬ᠎ᠠ ᠪᠠᠷ ᠢᠶᠠᠨ ᠠᠷᠠᠳ ᠤᠨ ᠳᠠᠭᠤᠴᠢᠨ ᠬᠦᠮᠦᠨ ᠭᠡᠳᠡᠭ ᠲᠡᠢ ᠮᠠᠷᠭᠤᠬᠤ ᠬᠦᠮᠦᠨ ᠣᠯᠳᠠᠬᠤ ᠦᠭᠡᠢ ᠪᠤᠢ ᠢ᠋᠎ᠠ᠃ ᠲᠠᠨ ᠳᠤ ᠤᠷᠠᠨ ᠪᠦᠲᠦᠭᠡᠯ ᠦᠨ ᠴᠠᠭᠯᠠᠰᠢ ᠦᠭᠡᠢ ᠶᠡᠬᠡ ᠡᠷᠴᠢ ᠬᠦᠴᠦ ᠢᠢ ᠢᠷᠦᠭᠡᠶ᠎ᠡ᠃

ᠳᠥᠷᠦᠭᠡᠨ ᠦ ᠴᠠᠬᠢᠯᠭᠠᠨ ᠰᠲ᠋ᠠᠨ᠋ᠼ ᠤᠨ ᠵᠥᠪᠯᠡᠬᠦ ᠢᠨ᠋ᠵᠧᠨᠧᠷ ᠫᠦᠷᠪᠦ ᠢᠢᠨ ᠪᠠᠭᠠᠲᠤᠷ ᠮᠣᠩ᠋ᠭᠣᠯ ᠤᠯᠤᠰ ᠤᠨ ᠠᠵᠤ ᠦᠢᠯᠡᠳᠪᠦᠷᠢ ᠢᠢᠨ ᠭᠠᠪᠢᠶᠠᠲᠤ ᠠᠵᠢᠯᠲᠠᠨ ᠴᠣᠯᠠ᠂ ᠲᠡᠮᠳᠡᠭ ᠢᠶᠡᠷ ᠱᠠᠩᠨᠠᠭᠳᠠᠯ᠎ᠠ᠃ ᠬᠣᠪᠳᠣ᠂ ᠤᠪᠰᠤ᠂ ᠪᠠᠶᠠᠨ-ᠥᠯᠥᠭᠡᠢ ᠠᠢᠢᠮᠠᠭ ᠤᠨ ᠣᠯᠠᠨ ᠠᠷᠪᠠᠨ ᠰᠤᠮᠤᠳ ᠤᠨ ᠡᠷᠴᠢᠮ ᠬᠦᠴᠦᠨ ᠦ ᠬᠠᠩ᠋ᠭᠠᠮᠵᠢ ᠢᠢ ᠰᠢᠢᠳᠪᠦᠷᠢᠯᠡᠵᠦ ᠪᠠᠢᠢᠭ᠎ᠠ ᠴᠢᠬᠤᠯᠠ ᠡᠬᠢ ᠡᠭᠦᠰᠪᠦᠷᠢ ᠪᠣᠯᠤᠭᠰᠠᠨ ᠳᠥᠷᠦᠭᠡᠨ ᠦ ᠴᠠᠬᠢᠯᠭᠠᠨ ᠰᠲ᠋ᠠᠨ᠋ᠼ ᠢ ᠰᠠᠨᠠᠭᠠᠴᠢᠯᠠᠨ᠂ ᠵᠢᠷᠤᠭ ᠲᠥᠰᠥᠯ ᠭᠠᠷᠭᠠᠬᠤ ᠠᠴᠠ ᠨᠢ ᠠᠪᠬᠠᠭᠤᠯᠤᠭᠠᠳ ᠪᠦᠲᠦᠭᠡᠨ ᠪᠠᠢᠢᠭᠤᠯᠤᠯᠲᠠ᠂ ᠲᠣᠭᠲᠠᠪᠤᠷᠢᠲᠠᠢ ᠦᠢᠯᠡ ᠠᠵᠢᠯᠯᠠᠭ᠎ᠠ ᠶᠠᠪᠤᠭᠤᠯᠬᠤ᠂ ᠡᠷᠴᠢᠮ ᠬᠦᠴᠢ ᠪᠡᠷ ᠬᠠᠩ᠋ᠭᠠᠬᠤ ᠬᠦᠷᠲᠡᠯ᠎ᠡ ᠨᠢ 50 ᠵᠢᠯ ᠦᠨ ᠲᠤᠷᠰᠢᠳᠠ ᠰᠡᠳᠬᠢᠯ ᠣᠶᠤᠨ᠂ ᠬᠦᠴᠦ ᠬᠥᠳᠡᠯᠮᠦᠷᠢ ᠪᠡᠨ ᠵᠣᠷᠢᠭᠤᠯᠤᠨ ᠠᠵᠢᠯᠯᠠᠭᠰᠠᠨ ᠫ ∙ ᠪᠠᠭᠠᠲᠤᠷ ᠭᠤᠸᠠᠢ ᠪᠣᠯ ᠪᠠᠬᠠᠷᠬᠠᠨ ᠳᠤᠷᠠᠰᠬᠤ ᠭᠠᠪᠢᠶᠠᠲᠤ ᠦᠢᠯᠡᠰᠲᠡᠨ ᠮᠥᠨ᠃ ᠥᠨᠥᠳᠥᠷ ᠮᠣᠩ᠋ᠭᠣᠯ ᠳᠤ ᠬᠠᠮᠤᠭ ᠤᠨ ᠬᠢᠮᠳᠠ ᠡᠷᠴᠢᠮ ᠬᠦᠴᠦ ᠦᠢᠯᠡᠳᠪᠦᠷᠢᠯᠡᠵᠦ ᠪᠠᠢᠢᠭ᠎ᠠ ᠳᠥᠷᠦᠭᠡᠨ ᠦ ᠴᠠᠬᠢᠯᠭᠠᠨ ᠰᠲ᠋ᠠᠨ᠋ᠼ ᠤᠯᠤᠰ ᠤᠨ ᠲᠥᠰᠥᠪ ᠲᠥ ᠵᠢᠯ ᠪᠦᠷᠢ ᠲᠣᠭᠲᠠᠮᠠᠯ ᠣᠷᠣᠯᠭ᠎ᠠ ᠣᠷᠣᠭᠤᠯᠵᠤ᠂ ᠲᠡᠷᠡ ᠬᠡᠮᠵᠢᠶ᠎ᠡ ᠪᠡᠷ ᠢᠮᠫᠣᠷᠲ ᠤᠨ ᠵᠠᠷᠤᠳᠠᠯ ᠢ ᠬᠡᠮᠨᠡᠵᠦ ᠪᠠᠢᠢᠭ᠎ᠠ ᠶᠤᠮ᠃

ᠠᠷᠠᠳ ᠢᠷᠭᠡᠳ ᠦᠨ ᠢᠶᠡᠨ ᠠᠮᠤᠷ ᠠᠮᠤᠭᠤᠯᠠᠩ ᠠᠮᠢᠳᠤᠷᠠᠯ᠂ ᠠᠶᠤᠯ ᠦᠭᠡᠢ ᠲᠠᠢᠢᠪᠤᠩ ᠣᠷᠴᠢᠨ ᠤ ᠲᠥᠯᠥᠭᠡ ᠪᠦᠬᠦᠢ ᠯᠠ ᠵᠢᠳᠬᠦᠯ ᠢᠶᠡᠨ ᠵᠣᠷᠢᠭᠤᠯᠤᠨ ᠠᠵᠢᠯᠯᠠᠵᠤ᠂ ᠨᠠᠰᠤ ᠪᠠᠷ ᠢᠶᠠᠨ ᠴᠠᠭᠳᠠᠭ᠎ᠠ ᠢᠢᠨ ᠠᠯᠪᠠᠨ ᠳᠤ ᠡᠭᠡᠯ ᠳᠠᠷᠤᠤᠬᠠᠨ᠂ ᠴᠢᠮᠡᠭᠡ ᠦᠭᠡᠢ ᠬᠥᠳᠡᠯᠮᠦᠷᠢᠯᠡᠵᠦ ᠪᠠᠢᠢᠭ᠎ᠠ ᠬᠥᠪᠰᠥᠭᠥᠯ ᠠᠢᠢᠮᠠᠭ ᠤᠨ ᠰᠢᠨ᠎ᠡ-ᠢᠳᠡᠷ ᠰᠤᠮᠤ ᠢᠢᠨ ᠴᠠᠭᠳᠠᠭ᠎ᠠ ᠢᠢᠨ ᠬᠡᠰᠡᠭ ᠦᠨ ᠪᠠᠢᠢᠴᠠᠭᠠᠭᠴᠢ᠂ ᠰᠤᠷᠭᠠᠭᠴᠢ ᠠᠬᠠᠯᠠᠭᠴᠢ ᠫᠠᠯᠠᠩ ᠤᠨ ᠬᠠᠲᠠᠨᠪᠠᠭᠠᠲᠤᠷ᠂ ᠨᠡᠢᠢᠰᠯᠡᠯ ᠦᠨ ᠬᠠᠨ-ᠠᠭᠤᠯᠠ ᠳᠡᠭᠦᠷᠭᠡ ᠢᠢᠨ ᠴᠠᠭᠳᠠᠭ᠎ᠠ ᠢᠢᠨ ᠬᠣᠶᠠᠳᠤᠭᠠᠷ ᠬᠡᠯᠲᠡᠰ ᠦᠨ ᠴᠠᠭᠳᠠᠭ᠎ᠠ᠂ ᠠᠬᠠᠯᠠᠬᠤ ᠠᠬᠠᠯᠠᠭᠴᠢ ᠫᠦᠷᠪᠦᠵᠠᠪ ᠤᠨ ᠮᠥᠩᠬᠡᠪᠠᠭᠠᠲᠤᠷ ᠨᠠᠷ ᠲᠤ ᠦᠢᠯᠡᠴᠢᠯᠡᠭᠡᠨ ᠦ ᠭᠠᠪᠢᠶᠠᠲᠤ ᠠᠵᠢᠯᠲᠠᠨ ᠴᠣᠯᠠ ᠣᠯᠭᠤᠯ᠎ᠠ᠃ ᠲᠠ ᠪᠦᠬᠦᠨ ᠦ ᠨᠡᠢᠢᠭᠡᠮ ᠤᠨ ᠰᠠᠢᠢᠨ ᠰᠠᠢᠢᠬᠠᠨ ᠤ ᠲᠥᠯᠦᠭᠡᠬᠢ ᠦᠢᠯᠡᠴᠢᠯᠡᠭᠡᠨ ᠳᠥ ᠭᠦᠨ ᠲᠠᠯᠠᠷᠬᠠᠯ ᠢᠯᠡᠷᠬᠡᠢᠢᠯᠡᠶ᠎ᠡ᠃

ᠮᠣᠩ᠋ᠭᠣᠯ ᠤᠯᠤᠰ ᠤᠨ ᠬᠤᠳᠠᠯᠳᠤᠭᠠᠨ ᠤ ᠭᠠᠪᠢᠶᠠᠲᠤ ᠠᠵᠢᠯᠲᠠᠨ ᠴᠣᠯᠠ ᠪᠠᠷ 《ᠨᠣᠮᠢᠨ ᠬᠣᠯᠠᠳᠢᠩ》 ᠺᠣᠮᠫᠠᠨᠢ ᠢᠢᠨ ᠶᠡᠷᠦᠩᠬᠡᠢᠢᠯᠡᠭᠴᠢ ᠱᠠᠭᠳᠤᠷᠰᠦ᠋ᠷᠦᠩ ᠦᠨ ᠪᠠᠶᠠᠷᠰᠠᠢᠢᠬᠠᠨ ᠢ ᠱᠠᠩᠨᠠᠵᠤ ᠪᠠᠢᠢᠨ᠎ᠠ᠃ ᠬᠤᠳᠠᠯᠳᠤᠭ᠎ᠠ ᠪᠣᠯ ᠦᠢᠯᠡᠳᠪᠦᠷᠢᠯᠡᠭᠴᠢ᠂ ᠢᠷᠭᠡᠳ ᠢ ᠬᠣᠯᠪᠣᠨ᠂ ᠡᠳ᠋ ᠍ ᠦᠨ ᠵᠠᠰᠠᠭ ᠤᠨ ᠴᠢᠰᠤᠨ ᠤ ᠡᠷᠭᠢᠯᠲᠡ ᠢᠢ ᠬᠠᠩ᠋ᠭᠠᠵᠤ ᠪᠠᠢᠢᠳᠠᠭ ᠴᠢᠬᠤᠯᠠ ᠰᠠᠯᠪᠤᠷᠢ ᠪᠥᠭᠡᠳ ᠡᠨᠡ ᠰᠠᠯᠪᠤᠷᠢ ᠢᠢ ᠵᠠᠬ᠎ᠠ ᠵᠡᠭᠡᠯᠢ ᠢᠢᠨ ᠨᠥᠬᠥᠴᠡᠯ ᠳᠥ ᠰᠢᠯᠵᠢᠬᠦ ᠦᠶ᠎ᠡ ᠡᠴᠡ ᠥᠨᠥᠳᠥᠷ ᠢ ᠬᠦᠷᠲᠡᠯ᠎ᠡ ᠲᠤᠭᠤᠰᠢᠲᠠᠢ ᠬᠥᠭ᠍ᠵᠢᠭᠦᠯᠵᠦ᠂ ᠪᠡᠬᠢᠵᠢᠭᠦᠯᠦᠭᠰᠡᠨ ᠬᠦᠮᠦᠨ ᠦ ᠨᠢᠭᠡ ᠪᠣᠯ ᠶᠠᠭᠠᠬᠢᠬᠤ ᠠᠷᠭ᠎ᠠ ᠦᠭᠡᠢ ᠪᠠᠶᠠᠷᠰᠠᠢᠢᠬᠠᠨ ᠮᠥᠨ᠃ ᠪᠠᠶᠠᠷ ᠬᠦᠷᠭᠡᠶ᠎ᠡ᠃ ᠨᠣᠮᠢᠨ ᠬᠤᠳᠠᠯᠳᠤᠭᠠᠨ ᠤ ᠰᠦᠯᠵᠢᠶ᠎ᠡ ᠥᠨᠥᠳᠥᠷ ᠬᠦᠮᠦᠨ ᠠᠷᠠᠳ ᠤᠨ ᠢᠶᠠᠨ ᠡᠳᠦᠷ ᠲᠤᠲᠤᠮ ᠤᠨ ᠬᠦᠨᠡᠰᠦ᠂ ᠬᠡᠷᠡᠭᠴᠡᠭᠡᠲᠦ ᠪᠠᠷ᠎ᠠ ᠢᠢ ᠬᠠᠩ᠋ᠭᠠᠬᠤ ᠦᠢᠯᠡᠰ ᠲᠥ ᠨᠠᠢᠢᠳᠠᠪᠤᠷᠢᠲᠠᠢ ᠬᠦᠴᠦᠨ ᠵᠢᠳᠬᠦᠵᠦ᠂ ᠲᠡᠷᠡ ᠳᠤᠮᠳᠠ ᠪᠠᠨ ᠴᠠᠷ᠎ ᠲᠠᠬᠤᠯ ᠤᠨ ᠡᠨᠡ ᠦᠶ᠎ᠡ ᠳᠥ ᠬᠦᠨᠡᠰᠦᠨ ᠦ ᠬᠠᠩ᠋ᠭᠠᠮᠵᠢ ᠢᠢ ᠲᠣᠭᠲᠠᠪᠤᠷᠢᠲᠠᠢ ᠪᠠᠢᠢᠯᠭᠠᠵᠤ ᠪᠠᠢᠢᠭᠠᠳ ᠨᠢ ᠲᠠᠯᠠᠷᠬᠠᠬᠤ ᠤᠴᠢᠷᠲᠠᠢ᠃ ᠲᠠᠨ ᠤ ᠬᠠᠮᠲᠤ ᠣᠯᠠᠨ ᠳᠤ ᠳᠠᠬᠢᠨ ᠪᠠᠶᠠᠷ ᠬᠦᠷᠭᠡᠶ᠎ᠡ!

ᠮᠣᠩ᠋ᠭᠣᠯ ᠤᠯᠤᠰ ᠤᠨ ᠰᠤᠶᠤᠯ ᠤᠨ ᠭᠠᠪᠢᠶᠠᠲᠤ ᠵᠢᠳᠬᠦᠯᠲᠡᠨ ᠴᠣᠯᠠ ᠪᠠᠷ ᠯᠤᠪᠰᠠᠩᠳᠠᠮᠪᠠ ᠢᠢᠨ ᠪᠠᠲᠤᠴᠡᠩᠭᠡᠯ ᠭᠤᠸᠠᠢ ᠢᠢ ᠱᠠᠩᠨᠠᠵᠤ ᠪᠠᠢᠢᠨ᠎ᠠ᠃ ᠭᠠᠪᠢᠶ᠎ᠠ ᠪᠠᠢᠢᠭᠤᠯᠤᠨ᠂ ᠠᠵᠢᠯ ᠦᠢᠯᠡᠰ ᠢᠶᠡᠷ ᠢᠶᠡᠨ ᠮᠠᠩᠯᠠᠢᠢᠯᠠᠭᠰᠠᠨ ᠠᠯᠳᠠᠷᠲᠠᠨ ᠨᠤᠭᠤᠳ᠂ ᠭᠠᠪᠰᠢᠭᠠᠢᠢᠴᠢᠳ ᠤᠨ ᠡᠩᠭᠡᠷ ᠳᠡᠭᠡᠷ᠎ᠡ ᠭᠢᠯᠠᠯᠵᠠᠳᠠᠭ ᠣᠳᠣᠨ ᠮᠧᠳᠠᠯ ᠤᠳ ᠤᠨ ᠡᠬᠡ ᠵᠠᠭᠪᠤᠷ ᠢ ᠭᠠᠷᠭᠠᠵᠤ᠂ ᠳ᠋ᠢᠫᠯᠣᠮᠠᠲ ᠠᠯᠪᠠᠨ ᠳᠤ ᠣᠯᠠᠨ ᠵᠢᠯ ᠬᠦᠴᠦᠨ ᠵᠢᠳᠬᠦᠭᠰᠡᠨ ᠯ ∙ ᠪᠠᠲᠤᠴᠡᠩᠭᠡᠯ ᠭᠤᠸᠠᠢ ᠢᠢᠨ ᠪᠦᠲᠦᠭᠡᠯ ᠦᠳ ᠢ ᠳᠤᠷᠠᠳᠪᠠᠯ ᠲᠥᠷᠥ ᠢᠢᠨ ᠰᠣᠶᠣᠷᠬᠠᠯ᠂ ᠮᠣᠩ᠋ᠭᠣᠯ ᠤᠯᠤᠰ ᠤᠨ ᠭᠠᠪᠢᠶᠠᠲᠤ᠂ ᠠᠷᠠᠳ ᠤᠨ ᠵᠦᠵᠦᠭᠡᠴᠢᠨ ᠴᠣᠯᠠᠨ ᠤ ᠲᠡᠮᠳᠡᠭ ᠦᠨ ᠡᠬᠢ ᠵᠠᠭᠪᠤᠷ᠂ ᠪᠦᠭᠦᠳᠡ ᠨᠠᠢᠢᠷᠠᠮᠳᠠᠬᠤ ᠮᠣᠩ᠋ᠭᠣᠯ ᠠᠷᠠᠳ ᠤᠯᠤᠰ ᠤᠨ ᠬᠦᠨᠳᠦᠳᠦ ᠢᠷᠭᠡᠨ᠂ ᠬᠥᠳᠡᠯᠮᠦᠷᠢ ᠢᠢᠨ ᠪᠠ ᠴᠡᠷᠢᠭ ᠦᠨ ᠬᠦᠨᠳᠦᠳᠦ ᠮᠧᠳᠠᠯ ᠵᠡᠷᠭᠡ ᠨᠡᠢᠢᠲᠡ 270 ᠣᠷᠴᠢᠮ ᠣᠳᠣᠨ᠂ ᠮᠧᠳᠠᠯ᠂ ᠲᠡᠮᠳᠡᠭ ᠦᠨ ᠡᠬᠢ ᠵᠠᠭᠪᠤᠷ ᠤᠳ ᠶᠤᠮ᠃ ᠲᠠᠨ ᠳᠤ ᠡᠷᠡᠭᠦᠯ ᠡᠩᠬᠡ᠂ ᠰᠠᠢᠢᠨ ᠰᠠᠢᠢᠬᠠᠨ ᠪᠦᠬᠦᠨ ᠢ ᠬᠦᠰᠡᠨ ᠢᠷᠦᠭᠡᠶ᠎ᠡ᠃

ᠮᠣᠩ᠋ᠭᠣᠯ ᠤᠨ 3 * 3 ᠰᠠᠭᠰᠤᠨ ᠪᠥᠮᠪᠥᠭᠡ ᠢᠢᠨ ᠦᠨᠳᠦᠰᠦᠨ ᠦ ᠰᠢᠭᠰᠢᠭᠡ ᠪᠠᠭ ᠤᠨ ᠳᠠᠰᠬᠠᠯᠵᠢᠭᠤᠯᠤᠭᠴᠢ ᠰᠦᠬᠡᠪᠠᠭᠠᠲᠤᠷ ᠤᠨ ᠲᠤᠯᠭ᠎ᠠ ᠮᠣᠩ᠋ᠭᠣᠯ ᠤᠯᠤᠰ ᠤᠨ ᠰᠠᠭᠰᠤᠨ ᠪᠥᠮᠪᠥᠭᠡ ᠢᠢᠨ ᠰᠫᠣᠷᠲ ᠤᠨ 3 ᠳ᠋ᠠᠬᠢ ᠭᠠᠪᠢᠶᠠᠲᠤ ᠳᠠᠰᠬᠠᠯᠵᠢᠭᠤᠯᠤᠭᠴᠢ ᠪᠣᠯᠵᠤ ᠪᠠᠢᠢᠨ᠎ᠠ᠃ ᠰᠠᠭᠰᠤᠨ ᠪᠥᠮᠪᠥᠭᠡ ᠢᠢᠨ ᠰᠫᠣᠷᠲ ᠢᠶᠠᠷ 8 ᠠᠯᠲᠠᠨ ᠮᠧᠳᠠᠯ ᠪᠤᠶᠤ ᠲᠢᠢᠪ ᠪᠣᠯᠤᠨ ᠳᠡᠯᠡᠬᠡᠢ ᠢᠢᠨ ᠠᠪᠤᠷᠭᠤ ᠴᠣᠯᠠ ᠢᠢ 8 ᠤᠳᠠᠭ᠎ᠠ ᠡᠬᠡ ᠣᠷᠣᠨ ᠳᠤ ᠪᠠᠨ ᠠᠪᠴᠢᠷᠠᠵᠠᠢ᠃ ᠨᠡᠢᠢᠲᠡ ᠲᠢᠪ᠂ ᠳᠡᠯᠡᠬᠡᠢ ᠢᠢᠨ 27 ᠮᠧᠳᠠᠯ ᠠᠪᠤᠭᠰᠠᠨ ᠪᠠᠢᠢᠨ᠎ᠠ᠃ ᠡᠭᠦᠨ ᠳᠡᠭᠡᠷ᠎ᠡ ᠪᠠᠭ ᠤᠨ ᠰᠫᠣᠷᠲ ᠢᠶᠠᠷ ᠠᠩᠬ᠎ᠠ ᠤᠳᠠᠭ᠎ᠠ ᠮᠣᠩ᠋ᠭᠣᠯ ᠤᠯᠤᠰ ᠲᠣᠺᠢᠣ᠋ ᠍ ᠢᠢᠨ ᠣᠯᠢᠮᠫ ᠤᠨ ᠨᠠᠭᠠᠳᠤᠮ ᠳᠤ ᠤᠷᠤᠯᠴᠠᠬᠤ ᠡᠷᠬᠡ ᠠᠪᠤᠭᠰᠠᠨ ᠨᠢ ᠨᠡᠮᠡᠭᠳᠡᠨ᠎ᠡ᠃ ᠰ ∙ ᠲᠤᠯᠭ᠎ᠠ ᠳᠠᠰᠬᠠᠯᠵᠢᠭᠤᠯᠤᠭᠴᠢ ᠢᠢ ᠭᠠᠷᠭᠠᠭᠰᠠᠨ ᠠᠮᠵᠢᠯᠲᠠ ᠪᠠᠨ ᠤᠯᠠᠮ ᠠᠬᠢᠭᠤᠯᠵᠤ᠂ ᠪᠠᠭ ᠤᠨ ᠰᠫᠣᠷᠲ ᠢᠶᠠᠷ ᠤᠯᠤᠰ ᠣᠷᠣᠨ ᠤ ᠪᠠᠨ ᠨᠡᠷ᠎ᠡ ᠢᠢ ᠪᠦᠷᠢ ᠥᠨᠳᠥᠷ ᠲᠥ ᠡᠷᠭᠦᠬᠦ ᠢᠢ ᠢᠷᠦᠭᠡᠵᠦ᠂ ᠢᠲᠡᠭᠡᠯ ᠦᠵᠡᠭᠦᠯᠵᠦ᠂ ᠡᠨᠡ ᠴᠣᠯᠠ ᠢᠢ ᠬᠦᠷᠲᠡᠭᠡᠵᠦ ᠪᠠᠢᠢᠭ᠎ᠠ ᠶᠤᠮ᠃ ᠣᠯᠢᠮᠫ ᠳᠤ ᠠᠮᠵᠢᠯᠲᠠ ᠭᠠᠷᠭᠠᠭᠠᠷᠠᠢ᠃

ᠮᠣᠩ᠋ᠭᠣᠯ ᠤᠨ ᠵᠦ᠋ᠳᠣ᠋ ᠪᠥᠬᠡ ᠢᠢᠨ ᠬᠣᠯᠪᠣᠭᠠᠨ ᠤ ᠨᠠᠷᠢᠨ ᠪᠢᠴᠢᠭ᠌ ᠦᠨ ᠳᠠᠷᠤᠭ᠎ᠠ ᠪᠠᠷ ᠣᠯᠠᠨ ᠵᠢᠯ ᠠᠵᠢᠯᠯᠠᠵᠤ᠂ ᠪᠠᠭ ᠲᠠᠮᠢᠷᠴᠢᠳ ᠤᠨ ᠢᠶᠠᠨ ᠠᠮᠵᠢᠯᠲᠠ ᠭᠠᠷᠭᠠᠬᠤ ᠦᠨᠳᠦᠰᠦ ᠢᠢ ᠴᠢᠳᠠᠪᠤᠷᠢᠯᠢᠬ ᠤᠳᠤᠷᠢᠳᠤᠨ ᠵᠣᠬᠢᠶᠠᠨ ᠪᠠᠢᠢᠭᠤᠯᠵᠤ᠂ ᠵᠦ᠋ᠳᠣ᠋ ᠍ ᠢᠢᠨ ᠲᠠᠮᠢᠷᠴᠢᠳ ᠤᠨ ᠭᠠᠷᠭᠠᠭᠰᠠᠨ ᠣᠯᠠᠨ ᠣᠯᠠᠨ ᠪᠠᠬᠠᠳᠤᠮ᠎ᠠ ᠠᠮᠵᠢᠯᠲᠠ ᠢᠢᠨ ᠠᠷᠤ ᠳᠤ ᠴᠢᠮᠡᠭᠡ ᠦᠭᠡᠢ ᠵᠣᠭᠰᠣᠵᠤ ᠪᠠᠢᠢᠭᠰᠠᠨ ᠮᠠᠰᠢᠪᠠᠲᠤ ᠢᠢᠨ ᠪᠥᠬᠡᠪᠠᠲᠤ ᠳᠤ ᠮᠣᠩ᠋ᠭᠣᠯ ᠤᠯᠤᠰ ᠤᠨ ᠭᠠᠪᠢᠶᠠᠲᠤ ᠳᠠᠰᠬᠠᠯᠵᠢᠭᠤᠯᠤᠭᠴᠢ ᠴᠣᠯᠠ ᠢᠢ ᠬᠦᠷᠲᠡᠭᠡᠯ ᠡ᠃ ᠡᠬᠡ ᠣᠷᠣᠨ ᠤ ᠪᠠᠨ ᠨᠡᠷ᠎ᠡ ᠢᠢ ᠳᠡᠯᠡᠬᠡᠢ ᠢᠢᠨ ᠳᠡᠪᠵᠢᠶᠡᠨ ᠳᠥ ᠳᠠᠭᠤᠷᠢᠰᠬᠠᠵᠤ᠂ ᠠᠷᠠᠳ ᠲᠦᠮᠡᠨ ᠦ ᠵᠢᠷᠦᠬᠡ ᠰᠡᠳᠬᠢᠯ ᠢ ᠪᠠᠶᠠᠰᠬᠠᠵᠤ ᠢᠷᠡᠭᠰᠡᠨ ᠵᠦ᠋ᠳᠣ᠋ ᠍ ᠢᠢᠨ ᠲᠠᠮᠢᠷᠴᠢᠳ ᠤᠨ ᠣᠯᠠᠨ ᠠᠮᠵᠢᠯᠲᠠ ᠢᠢᠨ ᠡᠮᠦᠨ᠎ᠡ ᠡᠴᠡ ᠲᠠᠨ ᠳᠤ ᠪᠠᠶᠠᠷ ᠬᠦᠷᠭᠡᠵᠦ᠂ ᠠᠮᠵᠢᠯᠲᠠ ᠬᠦᠰᠡᠶ᠎ᠡ᠃

ᠮᠠᠩᠯᠠᠢᠢᠯᠠᠭᠴᠢᠳ ᠠ᠋᠂ ᠲᠥᠷᠥ ᠢᠢᠨ ᠳᠡᠭᠡᠳᠦ ᠴᠣᠯᠠ ᠬᠦᠷᠲᠡᠭᠰᠡᠳ ᠡ᠂

ᠠᠷᠠᠳ ᠣᠯᠠᠨ᠂ ᠢᠷᠭᠡᠳ ᠦᠨ ᠲᠥᠯᠥᠭᠡᠯᠡᠭᠴᠢᠳ ᠦᠨ ᠬᠤᠷᠠᠯ᠂ ᠬᠠᠮᠲᠤ ᠣᠯᠠᠨ ᠤ ᠪᠠᠨ ᠬᠤᠷᠠᠯ ᠢᠶᠠᠷ ᠳᠠᠮᠵᠢᠭᠤᠯᠤᠨ ᠲᠠ ᠪᠦᠬᠦᠨ ᠦ ᠭᠠᠪᠢᠶ᠎ᠠ᠂ ᠵᠢᠳᠬᠦᠯ ᠢ ᠦᠨᠡᠯᠡᠭᠦᠯᠦᠭᠰᠡᠨ ᠢ ᠲᠥᠷᠥ ᠢᠢᠨ ᠲᠡᠷᠢᠭᠦᠨ ᠦ ᠬᠤᠪᠢ ᠪᠠᠷ ᠶᠣᠰᠣᠴᠢᠯᠠᠨ ᠭᠦᠢᠴᠡᠳᠭᠡᠭ᠍ᠰᠡᠨ ᠳᠥ ᠪᠡᠨ ᠮᠢᠨᠦ ᠪᠡᠶ᠎ᠡ ᠲᠤᠢᠢᠯ ᠠᠴᠠ ᠪᠠᠶᠠᠷᠲᠠᠢ ᠪᠠᠢᠢᠨ᠎ᠠ᠃ ᠲᠠ ᠪᠦᠬᠦᠨ ᠦ ᠮᠠᠩᠯᠠᠢᠢᠯᠠᠯ᠂ ᠬᠢᠴᠢᠶᠡᠯ ᠵᠢᠳᠬᠦᠯ ᠨᠢ ᠪᠦᠭᠦᠳᠡ ᠳᠥ ᠬᠥᠳᠡᠯᠮᠦᠷᠢ ᠵᠢᠳᠬᠦᠯ ᠦᠨ ᠦᠯᠢᠭᠡᠷ ᠳᠠᠭᠤᠷᠢᠶᠠᠯ᠂ ᠪᠠᠬᠠᠳᠤᠯ ᠪᠣᠯᠤᠨ᠎ᠠ ᠭᠡᠳᠡᠭ ᠲᠥ ᠪᠢ ᠣᠭᠲᠣᠬᠠᠨ ᠴᠤ ᠡᠷᠡᠭᠡᠯᠵᠡᠬᠦ ᠦᠭᠡᠢ ᠪᠠᠢᠢᠨ᠎ᠠ᠃

ᠲᠠ ᠪᠦᠬᠦᠨ ᠳᠥ ᠢᠷᠡᠵᠦ ᠪᠤᠢ ᠴᠠᠭᠠᠭᠴᠢᠨ ᠦᠬᠡᠷ ᠵᠢᠯ ᠦᠨ ᠴᠠᠭᠠᠨ ᠰᠠᠷ᠎ᠠ ᠢᠢᠨ ᠮᠡᠨᠳᠦ ᠢᠢ ᠳᠠᠬᠢᠨ ᠠᠢᠢᠯᠠᠳᠬᠠᠶ᠎ᠠ᠃ ᠪᠦᠭᠦᠳᠡ ᠳᠥ ᠨᠢ ᠠᠵᠠ ᠵᠢᠷᠭᠠᠯ᠂ ᠡᠷᠡᠭᠦᠯ ᠡᠩᠬᠡ ᠢᠢ ᠬᠦᠰᠡᠨ ᠢᠷᠦᠭᠡᠶ᠎ᠡ᠃

ᠮᠥᠩᠬᠡ ᠲᠩᠷᠢ ᠢᠢᠨ ᠬᠦᠴᠦᠨ ᠳᠣᠷ ᠮᠣᠩ᠋ᠭᠣᠯ ᠴᠠᠭᠠᠨ ᠰᠠᠷ᠎ᠠ ᠠᠮᠤᠷ ᠠᠮᠤᠭᠤᠯᠠᠩ᠂ ᠭᠡᠷ ᠪᠦᠯᠢ ᠢᠢᠨ ᠬᠦᠷᠢᠶᠡᠨ ᠳᠥ ᠠᠵᠠ ᠵᠢᠷᠭᠠᠯᠲᠠᠢ ᠥᠨᠢᠷ ᠰᠠᠢᠢᠬᠠᠨ ᠪᠣᠯᠬᠤ ᠪᠣᠯᠲᠤᠭᠠᠢ᠃

ᠬᠦᠮᠦᠨ ᠠᠷᠠᠳ ᠮᠢᠨᠢ ᠰᠡᠳᠬᠢᠯ ᠲᠡᠨᠢᠭᠦᠨ᠂ ᠡᠩᠬᠡ ᠴᠠᠭ ᠲᠠᠢ ᠤᠴᠠᠷᠠᠨ ᠵᠣᠯᠭᠠᠬᠤ ᠪᠣᠯᠲᠤᠭᠠᠢ》 ᠭᠡᠯ᠎ᠡ᠃