Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠡᠷᠡᠭᠦᠯ ᠮᠡᠨᠳᠦ ᠢᠢᠨ ᠰᠠᠯᠪᠤᠷᠢ ᠢᠢᠨ ᠳᠥᠷᠪᠡᠨ ᠪᠦᠲᠦᠭᠡᠯ ᠳᠥ ᠲᠥᠷᠦ ᠢᠢᠨ ᠱᠠᠩᠨᠠᠯ ᠬᠦᠷᠲᠡᠭᠡᠪᠡ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬᠠᠯᠲᠠᠮ᠎ᠠ ᠢᠢᠨ ᠪᠠᠲᠤᠲᠤᠯᠭ᠎ᠠ ᠵᠠᠷᠯᠢᠭ ᠭᠠᠷᠭᠠᠵᠤ᠂ ᠡᠷᠡᠭᠦᠯ ᠮᠡᠨᠳᠦ ᠢᠢᠨ ᠰᠠᠯᠪᠤᠷᠢ ᠢᠢᠨ ᠳᠥᠷᠪᠡᠨ ᠪᠦᠲᠦᠭᠡᠯ ᠳᠥ ᠲᠥᠷᠥ ᠢᠢᠨ ᠱᠠᠩᠨᠠᠯ ᠬᠦᠷᠲᠡᠭᠡᠯ᠎ᠡ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠱᠠᠩᠨᠠᠯ ᠭᠠᠷᠳᠠᠭᠤᠯᠤᠭᠰᠠᠨ ᠤ ᠪᠠᠨ ᠳᠠᠷᠠᠭ᠎ᠠ᠄
《 ᠡᠷᠬᠢᠮ ᠲᠥᠷᠦ ᠢᠢᠨ ᠱᠠᠩᠨᠠᠯᠲᠠᠨ ᠨᠤᠭᠤᠳ ᠠ᠋᠂ ᠡᠷᠡᠭᠦᠯ ᠡᠩᠬᠡ ᠢᠢᠨ ᠦᠢᠯᠡᠰ ᠦᠨ ᠮᠠᠩᠯᠠᠢᠢᠯᠠᠭᠴᠢᠳ ᠠ᠋
ᠮᠣᠩ᠋ᠭᠣᠯ ᠲᠦᠮᠡᠨ ᠦ ᠤᠯᠠᠮᠵᠢᠯᠠᠯᠲᠤ ᠪᠠᠶᠠᠷ ᠴᠠᠭᠠᠨ ᠰᠠᠷ᠎ᠠ ᠢᠢᠨ ᠪᠠᠶᠠᠷ ᠤᠨ ᠮᠡᠨᠳᠦ ᠢᠢ ᠲᠠ ᠪᠦᠬᠦᠨ ᠳᠥ ᠤᠭᠲᠤᠭᠤᠯᠤᠨ ᠠᠢᠢᠯᠠᠳᠬᠠᠶ᠎ᠠ᠃

ᠠᠨᠠᠭᠠᠬᠤ ᠢᠢᠨ ᠰᠢᠨᠵᠢᠯᠡᠬᠦ ᠤᠬᠠᠭᠠᠨ ᠤ ᠦᠨᠳᠦᠰᠦᠨ ᠦ ᠶᠡᠬᠡ ᠰᠤᠷᠭᠠᠭᠤᠯᠢ᠂ ᠤᠯᠤᠰ ᠤᠨ ᠨᠢᠭᠡᠳᠦᠭᠡᠷ ᠲᠥᠪ ᠡᠮᠨᠡᠯᠭᠡ ᠢᠢᠨ ᠡᠷᠳᠡᠮᠲᠡᠨ ᠪᠠᠭᠰᠢ᠂ ᠡᠮᠴᠢ ᠨᠠᠷ ᠤᠨ 《ᠪᠥᠭᠡᠷ᠎ᠡ ᠰᠢᠯᠵᠢᠭᠦᠯᠦᠨ ᠰᠠᠭᠤᠯᠭᠠᠬᠤ ᠡᠮᠴᠢᠯᠡᠭᠡ ᠢᠢ ᠮᠣᠩ᠋ᠭᠣᠯ ᠤᠯᠤᠰ ᠲᠤ ᠨᠡᠪᠲᠡᠷᠡᠭᠦᠯᠦᠭᠰᠡᠨ ᠦᠷ᠎ᠡ ᠳ᠋ᠦᠩ》᠂ 《ᠡᠯᠢᠭᠡ ᠰᠢᠯᠵᠢᠭᠦᠯᠦᠨ ᠰᠠᠭᠤᠯᠭᠠᠬᠤ ᠡᠮᠴᠢᠯᠡᠭᠡ ᠢᠢ ᠮᠣᠩ᠋ᠭᠣᠯ ᠤᠯᠤᠰ ᠲᠤ ᠨᠤᠲᠤᠭᠰᠢᠭᠤᠯᠤᠭᠰᠠᠨ ᠨᠢ》᠂ ᠭᠡᠮᠲᠦᠯ᠂ ᠰᠣᠭᠣᠭ ᠰᠤᠳᠤᠯᠤᠯ ᠤᠨ ᠦᠨᠳᠦᠰᠦᠨ ᠦ ᠲᠥᠪ ᠦᠨ ᠡᠮᠴᠢ ᠨᠠᠷ ᠤᠨ 《ᠡᠪᠦᠳᠦᠭ ᠲᠦᠩᠬᠡᠨ ᠳᠥ ᠬᠢᠮᠡᠯ ᠦᠶ᠎ᠡ ᠰᠠᠭᠤᠯᠭᠠᠬᠤ ᠮᠡᠰᠡ ᠵᠠᠰᠠᠯ᠂ ᠡᠮᠴᠢᠯᠡᠭᠡᠨ ᠦ ᠠᠷᠭ᠎ᠠ ᠢᠢ ᠨᠡᠪᠲᠡᠷᠡᠭᠦᠯᠵᠦ ᠨᠤᠲᠤᠭᠰᠢᠭᠤᠯᠤᠭᠰᠠᠨ ᠨᠢ》᠂ ᠡᠬᠡ ᠬᠡᠦᠬᠡᠳ ᠦᠨ ᠡᠷᠡᠭᠦᠯ ᠮᠡᠨᠳᠦ ᠢᠢᠨ ᠦᠨᠳᠦᠰᠦᠨ ᠦ ᠲᠥᠪ ᠦᠨ ᠡᠮᠴᠢ ᠨᠠᠷ ᠤᠨ 《ᠤᠷᠤᠭᠤᠯ᠂ ᠲᠠᠩᠨᠠᠢ ᠢᠢᠨ ᠲᠥᠷᠥᠯᠬᠢ ᠢᠢᠨ ᠰᠡᠲᠡᠷᠬᠡᠢ ᠢᠢᠨ ᠡᠮᠴᠢᠯᠡᠭᠡ ᠦᠢᠯᠡᠴᠢᠯᠡᠭᠡ ᠢᠢ ᠮᠣᠩ᠋ᠭᠣᠯ ᠤᠯᠤᠰ ᠤᠨ ᠬᠡᠮᠵᠢᠶᠡᠨ ᠳᠥ ᠴᠣᠭᠴᠠ ᠰᠢᠢᠳᠦᠭᠰᠡᠨ ᠨᠢ》 ᠪᠦᠲᠦᠭᠡᠯ ᠦᠳ ᠲᠥ ᠥᠨᠥᠳᠥᠷ ᠲᠥᠷᠥ ᠢᠢᠨ ᠱᠠᠩᠨᠠᠯ ᠬᠦᠷᠲᠡᠭᠡᠯ᠎ᠡ᠃

ᠲᠠ ᠪᠦᠬᠦᠨ ᠦ ᠢᠷᠭᠡᠳ ᠦᠨ ᠢᠶᠡᠨ ᠡᠷᠡᠭᠦᠯ ᠮᠡᠨᠳᠦ ᠢᠢᠨ ᠲᠥᠯᠦᠭᠡ ᠵᠣᠷᠢᠭᠤᠯᠤᠭᠰᠠᠨ ᠣᠶᠤᠨ ᠰᠡᠳᠬᠢᠯ᠂ ᠣᠯᠠᠨ ᠵᠢᠯ ᠦᠨ ᠬᠦᠴᠦ ᠬᠥᠳᠡᠯᠮᠦᠷᠢ ᠢᠢ ᠲᠥᠷᠦ ᠦᠨᠡᠯᠡᠬᠦ ᠶᠣᠰᠣᠲᠠᠢ᠃ ᠲᠥᠷᠥ ᠪᠠᠢᠢᠭ᠎ᠠ ᠳᠣᠣᠷ᠎ᠠ ᠭᠠᠪᠢᠶ᠎ᠠ ᠱᠠᠩᠨᠠᠯ ᠪᠤᠢ᠃ ᠭᠠᠪᠢᠶ᠎ᠠ ᠱᠠᠩᠨᠠᠯ ᠪᠠᠢᠢᠭ᠎ᠠ ᠳᠣᠣᠷ᠎ᠠ ᠬᠥᠳᠡᠯᠮᠦᠷᠢ ᠵᠢᠳᠬᠦᠯ ᠪᠤᠢ ᠬᠡᠮᠡᠬᠦ ᠤᠯᠠᠮᠵᠢᠯᠠᠯᠲᠤ ᠦᠵᠡᠯ ᠪᠠᠷᠢᠮᠲᠠᠯᠠᠯ ᠢ ᠮᠣᠩ᠋ᠭᠣᠯ  ᠤᠨ ᠲᠥᠷᠦ ᠦᠯᠦ ᠲᠠᠰᠤᠯᠳᠠᠭᠤᠯᠤᠨ ᠠᠪᠴᠤ ᠶᠠᠪᠤᠭ᠎ᠠ ᠢᠢᠨ ᠨᠢᠭᠡᠨ ᠢᠯᠡᠷᠡᠯ ᠨᠢ ᠰᠢᠯᠢᠳᠡᠭ ᠪᠦᠲᠦᠭᠡᠯ ᠳᠥ ᠣᠯᠭᠤᠳᠠᠭ ᠲᠥᠷᠦ ᠢᠢᠨ ᠱᠠᠩᠨᠠᠯ ᠶᠤᠮ᠃

ᠥᠨᠥᠳᠥᠷ ᠪᠥᠭᠡᠷ᠎ᠡ ᠰᠢᠯᠵᠢᠭᠦᠯᠦᠨ ᠰᠠᠭᠤᠯᠭᠠᠬᠤ ᠪᠠᠭ ᠤᠨ ᠭᠡᠰᠢᠭᠦᠨ᠂ ᠮᠣᠩ᠋ᠭᠣᠯ ᠤᠯᠤᠰ ᠤᠨ ᠭᠠᠪᠢᠶᠠᠲᠤ ᠡᠮᠴᠢ ᠳᠠᠸᠠᠵᠠᠪ ᠤᠨ ᠨᠢᠮᠠᠰᠦ᠋ᠷᠦᠩ ᠬᠣᠶᠠᠷ ᠳᠠᠬᠢ ᠤᠳᠠᠭ᠎ᠠ ᠲᠥᠷᠥ ᠢᠢᠨ ᠱᠠᠩᠨᠠᠯ ᠬᠦᠷᠲᠡᠵᠦ ᠪᠠᠢᠢᠭ᠎ᠠ ᠨᠢ ᠪᠠᠬᠠᠷᠬᠠᠯᠲᠠᠢ ᠪᠠᠢᠢᠨ᠎ᠠ᠃ ᠪᠠᠭ ᠤᠨ ᠭᠡᠰᠢᠭᠦᠳ ᠮᠣᠩ᠋ᠭᠣᠯ ᠤᠯᠤᠰ ᠤᠨ ᠬᠦᠮᠦᠨ ᠦ ᠭᠠᠪᠢᠶᠠᠲᠤ ᠡᠮᠴᠢ ᡀᠠᠮᠣᠰᠦ᠋ᠷᠦᠩ ᠦᠨ ᠵᠢᠮᠪᠠᠯᠵᠢᠪ᠂ ᠣᠷᠭᠣᠢ ᠢᠢᠨ ᠰᠡᠷᠭᠦᠯᠡᠩ᠂ ᠫᠠᠨᠳᠠᠭᠠ ᠤ ᠪᠠᠲᠤᠴᠢᠯᠠᠭᠤᠨ᠂ ᠯᠤᠪᠰᠠᠩᠳᠣᠷᠵᠢ ᠢᠢᠨ ᠠᠮᠤᠭᠤᠯᠠᠩ᠂ ᠰᠠᠮᠳᠠᠨ ᠤ ᠣᠳᠬᠠᠠᠨᠭᠡᠷᠡᠯ᠂ ᠳᠠᠭᠪᠠᠳᠣᠷᠵᠢ ᠢᠢᠨ ᠪᠠᠶᠠᠨ-ᠥᠨᠳᠥᠷ᠂ ᠳᠦᠭᠡᠷ ᠦᠨ ᠳᠠᠸᠠᠳᠣᠷᠵᠢ᠂ ᠳᠣᠩᠬᠢᠮ ᠤᠨ ᠴᠢᠯᠠᠭᠤᠨᠪᠠᠭᠠᠲᠤᠷ᠂ ᠵᠢᠭᠵᠢᠳᠰᠦ᠋ᠷᠦᠩ ᠦᠨ ᠰᠠᠷᠠᠨᠴᠡᠴᠡᠭ᠂ ᠵᠢᠭᠤᠨᠠᠢ ᠢᠢᠨ ᠲᠦᠮᠡᠨ-ᠥᠯᠵᠡᠢ᠂ ᠷᠢᠭᠵᠢᠨ ᠤ ᠪᠠᠶᠠᠷᠲᠤᠯᠭ᠎ᠠ᠂ ᠭᠣᠩ᠋ᠭᠣᠷᠵᠠᠪ ᠤᠨ ᠠᠶᠤᠩ᠋ᠭ᠎ᠠ᠂ ᠪᠠᠰᠠᠩ ᠤᠨ ᠪᠤᠯᠠᠭᠠᠨ ᠨᠠᠷ ᠤᠨ ᠲᠡᠷᠢᠭᠦᠲᠡᠢ 27 ᠡᠮᠴᠢ ᠳᠥ ᠲᠥᠷᠥ ᠢᠢᠨ ᠱᠠᠩᠨᠠᠯ ᠬᠦᠷᠲᠡᠵᠦ ᠪᠠᠢᠢᠭ᠎ᠠ ᠳᠤ ᠨᠢ ᠲᠠᠯᠠᠷᠬᠠᠯ᠂ ᠪᠠᠬᠠᠷᠬᠠᠯ᠎ ᠢᠢᠠᠨ ᠬᠠᠮᠲᠤ ᠳᠤ ᠨᠢ ᠢᠯᠡᠷᠬᠡᠢᠢᠯᠡᠶ᠎ᠡ᠃

ᠠᠨᠠᠭᠠᠬᠤ ᠢᠢᠨ ᠰᠢᠨᠵᠢᠯᠡᠬᠦ ᠤᠬᠠᠭᠠᠨ ᠤ ᠦᠨᠳᠦᠰᠦᠨ ᠦ ᠶᠡᠬᠡ ᠰᠤᠷᠭᠠᠭᠤᠯᠢ ᠢᠢᠨ ᠪᠠᠭᠰᠢ ᠨᠠᠷ ᠤᠯᠤᠰ ᠤᠨ ᠨᠢᠭᠡᠳᠦᠭᠡᠷ ᠲᠥᠪ ᠡᠮᠨᠡᠯᠭᠡ ᠢᠢᠨ ᠥᠨᠳᠥᠷ ᠮᠡᠷᠭᠡᠰᠢᠯ ᠦᠨ ᠡᠮᠴᠢ᠂ ᠰᠤᠪᠢᠯᠠᠭᠴᠢᠳ ᠬᠠᠮᠲᠤᠷᠠᠨ ᠪᠥᠭᠡᠷ᠎ᠡ ᠰᠢᠯᠵᠢᠭᠦᠯᠦᠨ ᠰᠠᠭᠤᠯᠭᠠᠬᠤ ᠮᠡᠰᠡ ᠵᠠᠰᠠᠯ ᠢ 1996 ᠣᠨ ᠠᠴᠠ ᠡᠬᠢᠯᠡᠵᠦ᠂ 2006 ᠣᠨ ᠳᠤ ᠦᠨᠳᠦᠰᠦᠨ ᠦ ᠪᠠᠭ ᠪᠠᠢᠢᠭᠤᠯᠤᠭᠳᠠᠰᠤᠨ ᠢᠶᠠᠷ ᠡᠳᠦᠭᠡ 234 ᠬᠦᠮᠦᠨ ᠳᠥ᠂ 2011 ᠣᠨ ᠠᠴᠠ ᠡᠯᠢᠭᠡ ᠰᠢᠯᠵᠢᠭᠦᠯᠦᠨ ᠰᠠᠭᠤᠯᠭᠠᠬᠤ ᠮᠡᠰᠡ ᠵᠠᠰᠠᠯ ᠢ ᠡᠬᠢᠯᠡᠵᠦ᠂ ᠥᠨᠥᠳᠥᠷ ᠦᠨ ᠪᠠᠢᠢᠳᠠᠯ ᠢᠶᠠᠷ 115 ᠬᠦᠮᠦᠨ ᠳᠥ᠂ ᠡᠬᠡ᠂ ᠬᠡᠦᠬᠡᠳ ᠦᠨ ᠡᠷᠡᠭᠦᠯ ᠮᠡᠨᠳᠦ ᠢᠢᠨ ᠦᠨᠳᠦᠰᠦᠨ ᠦ ᠲᠥᠪ ᠦᠨ ᠤᠷᠤᠭᠤᠯ᠂ ᠲᠠᠩᠨᠠᠢ ᠢᠢᠨ ᠲᠥᠷᠥᠯᠬᠢ ᠢᠢᠨ ᠰᠡᠲᠡᠷᠬᠡᠢ ᠢᠢᠨ ᠮᠡᠰᠡ ᠵᠠᠰᠠᠯ ᠤᠨ ᠪᠠᠭ ᠰᠡᠭᠦᠯ ᠦᠨ 22 ᠵᠢᠯ ᠳᠥ 3280 ᠬᠡᠦᠬᠡᠳ ᠲᠥ᠂ ᠭᠡᠮᠲᠦᠯ ᠰᠣᠭᠣᠭ ᠰᠤᠳᠤᠯᠤᠯ ᠤᠨ ᠦᠨᠳᠦᠰᠦᠨ ᠦ ᠲᠥᠪ ᠦᠨ ᠡᠪᠦᠳᠦᠭ᠂ ᠲᠦᠩᠬᠡᠨ ᠳᠥ ᠬᠢᠮᠡᠯ ᠦᠶ᠎ᠡ ᠰᠠᠭᠤᠯᠭᠠᠬᠤ ᠮᠡᠰᠡ ᠵᠠᠰᠠᠯ ᠤᠨ ᠪᠠᠭ 1998 ᠣᠨ ᠠᠴᠠ ᠥᠨᠥᠳᠥᠷ ᠢ ᠬᠦᠷᠲᠡᠯ᠎ᠡ 3000 ᠭᠠᠷᠤᠢ ᠬᠦᠮᠦᠨ ᠳᠥ ᠮᠡᠰᠡ ᠵᠠᠰᠠᠯ ᠤᠨ ᠡᠮᠴᠢᠯᠡᠭᠡ ᠢᠢ ᠠᠮᠵᠢᠯᠲᠠᠲᠠᠢ ᠬᠢᠭ᠍ᠰᠡᠨ ᠪᠠᠢᠢᠨ᠎ᠠ᠃

ᠡᠯᠢᠭᠡ ᠰᠢᠯᠵᠢᠭᠦᠯᠦᠨ ᠰᠠᠭᠤᠯᠭᠠᠬᠤ ᠮᠡᠰᠡ ᠵᠠᠰᠠᠯ ᠬᠢᠯᠭᠡᠭ᠍ᠰᠡᠨ ᠡᠪᠡᠳᠴᠢᠲᠡᠨ ᠦ ᠨᠢᠭᠡ ᠵᠢᠯ ᠠᠮᠢᠳᠤᠷᠠᠬᠤ ᠬᠤᠪᠢ 93.6᠂ ᠪᠥᠭᠡᠷ᠎ᠡ ᠰᠢᠯᠵᠢᠭᠦᠯᠦᠨ ᠰᠠᠭᠤᠯᠭᠠᠬᠤ ᠮᠡᠰᠡ ᠵᠠᠰᠠᠯ ᠬᠢᠯᠭᠡᠭ᠍ᠰᠡᠨ ᠡᠪᠡᠳᠴᠢᠲᠡᠨ ᠦ ᠨᠢᠭᠡ ᠵᠢᠯ ᠠᠮᠢᠳᠤᠷᠠᠬᠤ ᠬᠤᠪᠢ 98.9 ᠪᠠᠢᠢᠭ᠎ᠠ ᠨᠢ ᠳᠡᠯᠡᠬᠡᠢ ᠢᠢᠨ ᠥᠨᠳᠦᠷ ᠬᠥᠭ᠍ᠵᠢᠯᠲᠡᠢ ᠣᠷᠣᠨ ᠤ ᠡᠯᠢᠭᠡ᠂ ᠪᠥᠭᠡᠷ᠎ᠡ ᠰᠢᠯᠵᠢᠭᠦᠯᠦᠨ ᠰᠠᠭᠤᠯᠭᠠᠬᠤ ᠪᠤᠰᠤᠳ ᠲᠥᠪ ᠦᠳ ᠦᠨ ᠦᠵᠡᠭᠦᠯᠦᠯᠲᠡ ᠲᠡᠢ ᠳᠦᠢᠴᠡᠬᠦ ᠬᠡᠮᠵᠢᠶᠡᠨ ᠳᠥ ᠬᠦᠷᠴᠦ᠂ ᠳᠡᠯᠡᠬᠡᠢ ᠢᠢᠨ ᠡᠷᠡᠭᠦᠯ ᠮᠡᠨᠳᠦ ᠢᠢᠨ ᠪᠠᠢᠢᠭᠤᠯᠤᠯᠭ᠎ᠠ᠂ ᠳᠡᠯᠡᠬᠡᠢ ᠢᠢᠨ ᠡᠷᠬᠡᠲᠡᠨ ᠰᠢᠯᠵᠢᠭᠦᠯᠦᠨ ᠰᠠᠭᠤᠯᠭᠠᠬᠤ ᠬᠣᠯᠪᠣᠭᠠᠨ ᠠᠴᠠ ᠥᠨᠳᠦᠷ ᠦᠨᠡᠯᠡᠭᠡ ᠠᠪᠴᠠᠢ᠃

ᠡᠬᠡ ᠬᠡᠦᠬᠡᠳ ᠦᠨ ᠡᠷᠡᠭᠦᠯ ᠮᠡᠨᠳᠦ ᠢᠢᠨ ᠦᠨᠳᠦᠰᠦᠨ ᠦ ᠲᠥᠪ ᠦᠨ ᠪᠠᠭ ᠤᠷᠤᠭᠤᠯ ᠲᠠᠩᠨᠠᠢ ᠢᠢᠨ ᠲᠥᠷᠥᠯᠬᠢ ᠢᠢᠨ ᠰᠡᠲᠡᠷᠬᠡᠢ ᠢᠢᠨ ᠮᠡᠰᠡ ᠵᠠᠰᠠᠯ ᠢ ᠡᠬᠡ ᠣᠷᠣᠨ ᠳᠤ ᠪᠠᠨ ᠪᠦᠷᠢᠨ ᠨᠤᠲᠤᠭᠰᠢᠭᠤᠯᠬᠤ ᠢᠢᠨ ᠵᠡᠷᠭᠡᠴᠡᠭᠡ ᠬᠢᠲᠠᠳ᠂ ᠮᠶᠠᠨ᠋ᠮᠠᠷ᠂ ᠢᠨᠳᠥᠨᠧᠽ᠂ ᠹᠢᠯᠢᠫᠫᠠᠨ᠂ ᠣᠷᠣᠰ ᠵᠡᠷᠭᠡ ᠤᠯᠤᠰ ᠲᠤ ᠤᠷᠢᠭᠳᠠᠨ᠂ ᠬᠦᠮᠦᠨᠯᠢᠭ ᠦᠨ ᠠᠵᠢᠯ ᠳᠤ ᠣᠷᠣᠯᠴᠠᠵᠤ᠂ 200 ᠣᠷᠴᠢᠮ ᠬᠡᠦᠬᠡᠳ ᠲᠥ ᠮᠡᠰᠡ ᠵᠠᠰᠠᠯ ᠬᠢᠭ᠍ᠰᠡᠨ ᠪᠠᠢᠢᠨ᠎ᠠ᠃

ᠭᠡᠮᠲᠦᠯ᠂ ᠰᠣᠭᠣᠭ ᠰᠤᠳᠤᠯᠤᠯ ᠤᠨ ᠦᠨᠳᠦᠰᠦᠨ ᠦ ᠲᠥᠪ ᠦᠨ ᠡᠪᠦᠳᠦᠭ᠂ ᠲᠦᠩᠬᠡᠨ ᠳᠥ ᠬᠢᠮᠡᠯ ᠦᠶ᠎ᠡ ᠰᠠᠭᠤᠯᠭᠠᠬᠤ ᠮᠡᠰᠡ ᠵᠠᠰᠠᠯ ᠤᠨ ᠪᠠᠭ ᠤᠨ ᠬᠠᠮᠲᠤ ᠣᠯᠠᠨ ᠭᠡᠮᠲᠦᠯ ᠰᠣᠭᠣᠭ ᠤᠨ ᠣᠨᠣᠰᠢᠯᠠᠭ᠎ᠠ᠂ ᠡᠮᠴᠢᠯᠡᠭᠡᠨ ᠳᠥ ᠮᠡᠰᠡ ᠵᠠᠰᠠᠯ ᠤᠨ 40 ᠭᠠᠷᠤᠢ ᠠᠷᠭ᠎ᠠ ᠢᠢ ᠨᠡᠪᠲᠡᠷᠡᠭᠦᠯᠦᠨ ᠶᠠᠰᠤ᠂ ᠦᠶᠡᠨ ᠦ ᠡᠮᠭᠡᠭ᠌᠂ ᠬᠤᠭᠤᠷᠠᠯ ᠪᠡᠷᠲᠡᠯ ᠡᠴᠡ ᠰᠢᠯᠲᠠᠭᠠᠯᠠᠵᠤ ᠬᠥᠭ᠍ᠵᠢᠯ ᠦᠨ ᠪᠡᠷᠬᠡᠰᠢᠶᠡᠯ ᠲᠡᠢ ᠪᠣᠯᠬᠤ ᠬᠦᠨᠳᠥᠷᠡᠯ ᠡᠷᠦᠰᠳᠡᠯ ᠡᠴᠡ ᠢᠷᠭᠡᠳ ᠢᠶᠡᠨ ᠬᠠᠮᠠᠭᠠᠯᠠᠵᠤ᠂ ᠲᠡᠳᠡᠨ ᠦ ᠠᠮᠢᠳᠤᠷᠠᠯ ᠤᠨ ᠴᠢᠨᠠᠷ ᠢ ᠰᠠᠢᠢᠵᠢᠷᠠᠭᠤᠯᠬᠤ ᠳᠤ ᠦᠨᠡᠯᠡᠵᠦ ᠪᠠᠷᠠᠰᠢ ᠦᠭᠡᠢ ᠬᠤᠪᠢ ᠨᠡᠮᠡᠷᠢ ᠣᠷᠣᠭᠤᠯᠵᠤ ᠪᠠᠢᠢᠨ᠎ᠠ᠃

ᠭᠠᠳᠠᠭᠠᠳᠤ ᠢᠢᠨ ᠪᠤᠰᠤᠳ ᠣᠷᠣᠨ ᠳᠤ 10-25 ᠮᠢᠩ᠋ᠭᠠᠨ ᠠᠮ‍.ᠳ᠋ᠣᠯᠯᠠᠷ ᠢᠶᠠᠷ ᠬᠢᠭ᠍ᠳᠡᠳᠡᠭ ᠳᠡᠭᠡᠷᠡᠬᠢ ᠬᠠᠭᠠᠯᠭ᠎ᠠ ᠢᠢ 5000 ᠣᠷᠴᠢᠮ ᠤᠳᠠᠭ᠎ᠠ ᠬᠢᠭ᠍ᠰᠡᠨ ᠭᠡᠬᠦ ᠪᠡᠷ ᠮᠠᠨ ᠤ ᠢᠷᠭᠡᠳ ᠦᠨ ᠭᠠᠳᠠᠭᠠᠳᠤ ᠤᠯᠤᠰ ᠢ ᠵᠣᠷᠢᠬᠤ᠂ ᠡᠮᠴᠢᠯᠡᠭᠡᠨ ᠳᠥ ᠵᠠᠷᠤᠴᠠᠭᠤᠯᠬᠤ ᠵᠠᠷᠤᠳᠠᠯ ᠡᠢᠢᠮᠦ ᠬᠡᠮᠵᠢᠶ᠎ᠡ ᠪᠡᠷ ᠬᠡᠮᠨᠡᠭᠳᠡᠭᠰᠡᠨ ᠭᠡᠵᠦ ᠦᠵᠡᠵᠦ ᠪᠣᠯᠬᠣ ᠪᠠᠷ ᠪᠠᠢᠢᠨ᠎ᠠ᠃

ᠮᠣᠩ᠋ᠭᠣᠯ ᠤᠯᠤᠰ ᠤᠨ ᠬᠠᠮᠤᠭ ᠤᠨ ᠦᠨᠡᠲᠦ ᠪᠠᠶᠠᠯᠢᠭ ᠪᠣᠯᠬᠤ ᠢᠷᠭᠡᠳ ᠦᠨ ᠡᠷᠡᠭᠦᠯ ᠮᠡᠨᠳᠦ ᠢᠢ ᠨᠥᠬᠥᠨ ᠰᠡᠷᠭᠦᠭᠡᠬᠦ ᠦᠢᠯᠡᠰ ᠲᠥ ᠵᠢᠳᠬᠦᠵᠦ ᠪᠠᠢᠢᠭ᠎ᠠ ᠡᠮᠴᠢ᠂ ᠰᠤᠪᠢᠯᠠᠭᠴᠢᠳ ᠤᠨ ᠮᠠᠨᠢ ᠮᠡᠳᠡᠯᠭᠡ ᠪᠣᠯᠪᠠᠰᠤᠷᠠᠯ᠂ ᠮᠡᠷᠭᠡᠰᠢᠯ ᠦᠨ ᠤᠷ᠎ᠠ ᠴᠢᠳᠠᠪᠤᠷᠢ᠂ ᠥᠨᠳᠥᠷ ᠲᠦᠪᠰᠢᠨ ᠳᠥ ᠬᠦᠷᠦᠭᠰᠡᠨ ᠢ ᠢᠯᠡᠳᠬᠡᠨ ᠬᠠᠷᠠᠭᠤᠯᠤᠭᠰᠠᠨ ᠲᠠ ᠪᠦᠬᠦᠨ ᠳᠥ ᠡᠮᠡᠴᠢᠯᠡᠭᠦᠯᠦᠭᠰᠡᠳ ᠪᠣᠯᠤᠨ ᠨᠡᠢᠢᠲᠡ ᠠᠷᠠᠳ ᠲᠦᠮᠡᠨ ᠦ ᠪᠡᠨ ᠡᠮᠦᠨ᠎ᠡ ᠡᠴᠡ ᠳᠠᠬᠢᠨ ᠭᠦᠨ ᠲᠠᠯᠠᠷᠬᠠᠯ ᠢᠯᠡᠷᠬᠡᠢᠢᠯᠡᠶ᠎ᠡ᠃

ᠲᠠ ᠪᠦᠬᠦᠨ ᠦ ᠴᠢᠨᠠᠭᠰᠢᠳᠠ ᠢᠢᠨ ᠠᠵᠢᠯ ᠦᠢᠯᠡᠰ᠂ ᠠᠮᠢᠳᠤᠷᠠᠯ ᠳᠤ ᠲᠠᠨᠢ ᠠᠵᠠ ᠵᠢᠷᠭᠠᠯ᠂ ᠠᠮᠵᠢᠯᠲᠠ᠂ ᠰᠠᠢᠢᠨ ᠰᠠᠢᠢᠬᠠᠨ ᠪᠦᠬᠦᠨ ᠢ ᠬᠦᠰᠡᠨ ᠢᠷᠦᠭᠡᠶ᠎ᠡ᠃

ᠮᠥᠩᠬᠡ ᠲᠩᠷᠢ ᠢᠢᠨ ᠬᠦᠴᠦᠨ ᠳᠦᠷ ᠮᠣᠩ᠋ᠭᠣᠯ ᠴᠠᠭᠠᠨ ᠰᠠᠷ᠎ᠠ ᠠᠮᠤᠷ ᠠᠮᠤᠭᠤᠯᠠᠩ᠂ ᠳᠡᠯᠭᠡᠷ ᠰᠠᠢᠢᠬᠠᠨ ᠪᠣᠯᠬᠤ ᠪᠣᠯᠲᠤᠭᠠᠢ᠃ ᠬᠦᠮᠦᠨ ᠠᠷᠠᠳ ᠮᠢᠨᠢ ᠰᠡᠳᠬᠢᠯ ᠲᠡᠨᠢᠭᠦᠨ᠂ ᠡᠩᠬᠡ ᠴᠠᠭ ᠲᠠᠢ ᠤᠴᠠᠷᠠᠨ ᠵᠣᠯᠭᠠᠬᠤ ᠪᠣᠯᠲᠤᠭᠠᠢ》 ᠭᠡᠯ᠎ᠡ᠃