Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠰᠠᠷ᠎ᠠ ᠰᠢᠨ᠎ᠡ ᠢᠢᠨ ᠮᠡᠨᠳᠦᠴᠢᠯᠡᠭᠡ ᠳᠡᠪᠰᠢᠭᠦᠯᠦᠯ᠎ᠡ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬᠠᠯᠲᠠᠮ᠎ᠠ ᠢᠢᠨ ᠪᠠᠲᠤᠲᠤᠯᠭ᠎ᠠ ᠰᠠᠷ᠎ᠠ ᠰᠢᠨ᠎ᠡ ᠢᠢᠨ ᠮᠡᠨᠳᠦᠴᠢᠯᠡᠭᠡ ᠳᠡᠪᠰᠢᠭᠦᠯᠦᠯ᠎ᠡ᠃

《ᠶᠡᠬᠡ ᠮᠥᠩᠬᠡ ᠲᠩᠷᠢ ᠢᠢᠨ ᠢᠪᠡᠭᠡᠯ ᠢᠶᠡᠷ ᠡᠬᠡ ᠪᠣᠯᠤᠭᠰᠠᠨ ᠭᠠᠵᠠᠷ ᠨᠤᠲᠤᠭ ᠲᠤ ᠪᠠᠨ ᠮᠢᠩ᠋ᠭ᠎ᠠ ᠮᠢᠩ᠋ᠭᠠᠨ ᠢᠶᠠᠷ ᠡᠵᠡᠨ ᠰᠠᠭᠤᠭᠰᠠᠨ ᠲᠤᠰᠠᠭᠠᠷ ᠮᠣᠩ᠋ᠭᠣᠯ ᠤᠯᠤᠰ ᠤᠨ ᠮᠠᠨᠢ ᠠᠷᠠᠳ ᠢᠷᠭᠡᠳ ᠡ!

ᠳᠠᠶᠠᠩ ᠳᠡᠯᠡᠬᠡᠢ ᠢᠢᠨ ᠡᠩ ᠢᠶᠡᠷ ᠲᠠᠷᠬᠠᠨ ᠰᠠᠭᠤᠷᠢᠰᠢᠭ᠌ᠰᠠᠨ ᠡᠯᠢᠭᠡ ᠨᠢᠭᠡᠲᠦ ᠮᠣᠩ᠋ᠭᠣᠯ ᠤᠭᠰᠠᠭᠠᠲᠠᠨ ᠲᠦᠮᠡᠨ ᠣᠯᠠᠨ ᠮᠢᠨᠢ ᠡ!

ᠤᠷᠢᠨ ᠴᠠᠭ ᠤᠨ ᠰᠠᠯᠬᠢ ᠢᠢ ᠨᠠᠰᠢ ᠨᠢ ᠡᠷᠭᠢᠭᠦᠯᠳᠡᠭ᠂ ᠤᠭᠲᠤᠬᠤ ᠡᠳᠦᠷ ᠦᠨ ᠨᠠᠷᠠ ᠢᠢ ᠡᠷᠭᠦᠵᠦ ᠠᠭᠤᠵᠢᠷᠠᠭᠤᠯᠳᠠᠭ᠂ ᠶᠡᠬᠡᠰ ᠳᠡᠭᠡᠳᠦᠰ ᠡᠴᠡ ᠮᠢᠨᠢ ᠥᠪᠯᠡᠭᠦᠯᠵᠦ ᠥᠭ᠍ᠭᠦᠭ᠍ᠰᠡᠨ᠂ ᠶᠣᠰᠣ ᠲᠥᠷᠥᠳᠦ ᠶᠡᠬᠡ ᠪᠠᠶᠠᠷ ᠴᠠᠭᠠᠨ ᠰᠠᠷ᠎ᠠ᠂ ᠠᠷᠪᠠᠨ ᠳᠣᠯᠣᠳᠤᠭᠠᠷ ᠵᠢᠷᠠᠨ ᠤ ᠴᠠᠭᠠᠭᠴᠢᠨ ᠦᠬᠡᠷ ᠵᠢᠯ ᠦᠨ ᠰᠠᠷ᠎ᠠ ᠰᠢᠨ᠎ᠡ ᠢᠢᠨ ᠮᠡᠨᠳᠦ ᠢᠢ ᠲᠠ ᠪᠦᠬᠦᠨ ᠳᠥ ᠪᠡᠨ ᠡᠷᠭᠦᠨ ᠡᠷᠭᠦᠨ ᠳᠡᠪᠰᠢᠭᠦᠯᠦᠶ᠎ᠡ᠃

ᠲᠩᠷᠢ ᠢᠢᠨ ᠰᠠᠯᠬᠢ ᠲᠡᠭᠰᠢ ᠦᠭᠡᠢ ᠢᠢᠨ ᠠᠳᠠᠯᠢ ᠪᠠᠷ ᠬᠦᠵᠢ ᠳᠡᠯᠡᠬᠡᠢ᠂ ᠬᠦᠮᠦᠨ ᠵᠣᠨ ᠤ ᠠᠬᠤᠢ ᠠᠮᠢᠳᠤᠷᠠᠯ ᠲᠡᠭᠦᠰ ᠵᠢᠷᠭᠠᠯᠠᠩ ᠳᠦᠭᠦᠷᠡᠩ ᠪᠠᠢᠢᠳᠠᠭ ᠦᠭᠡᠢ ᠴᠠᠭ ᠤᠨ ᠤᠴᠢᠷ ᠰᠢᠯᠲᠠᠭᠠᠨ ᠢᠶᠠᠷ ᠲᠤᠯᠵᠤ ᠪᠠᠢᠢᠭ᠎ᠠ ᠬᠦᠨᠳᠦᠷᠡᠯ᠂ ᠲᠤᠭᠤᠯᠵᠤ ᠪᠠᠢᠢᠭ᠎ᠠ ᠪᠡᠷᠬᠡᠰᠢᠶᠡᠯ ᠢ ᠭᠠᠭᠴᠠᠬᠦ ᠡᠪ ᠡᠶ᠎ᠡ ᠢᠢᠨ ᠬᠦᠴᠥ ᠪᠡᠷ ᠳᠠᠪᠠᠨ ᠲᠤᠭᠤᠯᠬᠤ ᠨᠢ ᠭᠠᠷᠴᠠᠭ᠎ᠠ ᠦᠭᠡᠢ ᠪᠣᠯᠤᠯ᠎ᠠ᠃

《ᠡᠪᠲᠦ ᠱᠠᠭᠠᠵᠠᠭᠠᠢ ᠪᠤᠭᠤ ᠪᠠᠷᠢᠨ᠎ᠠ》 ᠭᠡᠵᠦ ᠡᠷᠲᠡᠨ ᠡᠴᠡ ᠨᠠᠰᠢ ᠰᠤᠷᠭᠠᠭᠰᠠᠨ ᠡᠪᠦᠭᠡᠳ ᠦᠲᠡᠭᠦᠰ ᠦᠨ ᠢᠶᠡᠨ ᠵᠠᠬᠢᠶᠠᠰᠤ ᠢᠢ ᠲᠠ ᠪᠢᠳᠡ ᠤᠬᠠᠭᠠᠨ ᠰᠡᠳᠬᠢᠯ ᠳᠥ ᠪᠡᠨ ᠰᠡᠷᠭᠦᠭᠡᠨ ᠰᠡᠷᠢᠭᠡᠵᠦ᠂ ᠦᠨᠳᠦᠰᠦᠲᠡᠨ ᠦ ᠪᠡᠨ ᠪᠠᠳᠠᠷᠠᠯ ᠮᠠᠨᠳᠤᠯ ᠤᠨ ᠲᠥᠯᠦᠭᠡ ᠬᠠᠮᠲᠤ ᠳᠤ ᠪᠠᠨ ᠵᠢᠳᠬᠦᠬᠦ ᠴᠠᠭ ᠨᠢᠭᠡᠨᠲᠡ ᠢᠷᠡᠵᠡᠢ᠃

ᠡᠷᠬᠢᠮ ᠣᠯᠠᠨ ᠮᠣᠩ᠋ᠭᠣᠯᠴᠤᠳ ᠠ᠋!

ᠢᠷᠡᠵᠦ ᠪᠠᠢᠢᠭ᠎ᠠ ᠴᠠᠭᠠᠭᠴᠢᠨ ᠦᠬᠡᠷ ᠵᠢᠯ ᠮᠣᠩ᠋ᠭᠣᠯᠴᠤᠳ ᠲᠠ ᠪᠢᠳᠡᠨ ᠢ ᠠᠮᠵᠢᠯᠲᠠ ᠪᠦᠲᠦᠭᠡᠯ ᠦᠨ ᠶᠡᠬᠡ ᠳᠠᠭᠤᠳᠠᠯᠭ᠎ᠠ ᠪᠠᠷ ᠵᠢᠭᠦᠷᠯᠡᠵᠦ᠂ ᠤᠷᠮ᠎ᠠ ᠵᠣᠷᠢᠭ ᠢ ᠬᠥᠭ᠍ᠵᠢᠶᠡᠨ ᠬᠥᠭ᠍ᠵᠢᠯ ᠦᠨ ᠳᠠᠷᠳᠠᠨ ᠵᠠᠮ ᠷᠤ ᠬᠥᠲᠥᠯᠦᠨ ᠵᠤᠷᠠᠢᠢᠬᠤ ᠪᠣᠯᠲᠤᠭᠠᠢ!

ᠮᠥᠩᠬᠡ ᠲᠩᠷᠢ ᠢᠢᠨ ᠬᠦᠴᠦᠨ ᠳᠣᠷ ᠡᠴᠢᠭᠡ ᠳᠡᠭᠡᠳᠦᠰ ᠦᠨ ᠮᠢᠨᠢ ᠪᠦᠲᠦᠭᠡᠨ ᠪᠣᠰᠬᠠᠭᠰᠠᠨ ᠶᠡᠬᠡ ᠮᠣᠩ᠋ᠭᠣᠯ ᠭᠦᠷᠦᠨ ᠦ ᠰᠦᠯᠳᠡ ᠶᠡᠬᠡ ᠠᠭᠤᠯᠠ ᠥᠨᠳᠥᠷ ᠳᠡᠭᠡᠳᠦ ᠪᠤᠷᠬᠠᠨ ᠬᠠᠯᠳᠤᠨ ᠬᠠᠢᠢᠷᠬᠠᠨ ᠤ ᠪᠠᠨ ᠥᠭ᠍ᠭᠢᠶᠡᠮᠦᠷ ᠰᠠᠢᠢᠬᠠᠨ ᠨᠥᠮᠥᠷᠢ ᠨᠥᠭᠡᠯᠭᠡᠨ ᠳᠥ ᠮᠣᠩ᠋ᠭᠣᠯ ᠲᠦᠮᠡᠨ ᠦ ᠮᠢᠨᠢ ᠴᠠᠭᠠᠨ ᠰᠠᠷ᠎ᠠ ᠠᠮᠤᠷ ᠠᠮᠤᠭᠤᠯᠠᠩ᠂ ᠲᠡᠭᠰᠢ ᠳᠦᠭᠦᠷᠡᠩ ᠣᠷᠣᠰᠢᠵᠤ᠂ ᠬᠦᠮᠦᠨ ᠵᠣᠨ ᠮᠢᠨᠢ ᠡᠩᠬᠡ ᠰᠠᠢᠢᠬᠠᠨ ᠴᠠᠭ ᠲᠠᠢ ᠤᠴᠠᠷᠠᠨ ᠵᠣᠯᠭᠠᠬᠤ ᠪᠣᠯᠲᠤᠭᠠᠢ!

ᠡᠷᠦᠬᠡ ᠭᠡᠷ ᠪᠦᠷᠢ ᠳᠥ ᠪᠠᠶᠠᠷ ᠵᠢᠷᠭᠠᠯ᠂ ᠡᠷᠡᠭᠦᠯ ᠡᠩᠬᠡ᠂ ᠰᠠᠷᠠᠭᠤᠯ ᠰᠠᠢᠢᠬᠠᠨ᠂ ᠪᠡᠯᠭᠡ ᠢᠷᠦᠭᠡᠯ ᠲᠦᠭᠡᠨ ᠳᠡᠯᠭᠡᠷᠡᠬᠦ ᠪᠣᠯᠲᠤᠭᠠᠢ!

ᠬᠦᠯᠢᠭ᠌ ᠦᠨ ᠰᠠᠢᠢᠨ ᠢᠶᠠᠷ ᠲᠠᠯ᠎ᠠ ᠢᠢ ᠲᠤᠭᠤᠯᠶᠤ!

ᠡᠪ ᠦᠨ ᠬᠦᠴᠥ ᠪᠡᠷ ᠪᠦᠬᠦᠨ ᠢ ᠲᠤᠭᠤᠯᠶᠤ!

ᠰᠠᠷ᠎ᠠ ᠰᠢᠨ᠎ᠡ ᠳᠥ ᠪᠡᠨ ᠰᠠᠢᠢᠬᠠᠨ ᠰᠢᠨᠡᠯᠡᠭᠡᠷᠡᠢ!》 ᠭᠡᠯ᠎ᠡ᠃