ᠮᠣᠩ᠋ᠭᠣᠯ ᠤᠯᠤᠰ ᠲᠤ ᠣᠷᠴᠢᠨ ᠴᠠᠭ ᠤᠨ ᠵᠡᠪᠰᠡᠭᠲᠦ ᠬᠦᠴᠦᠨ ᠡᠭᠦᠰᠴᠦ ᠬᠥᠭ᠍ᠵᠢᠭᠰᠡᠨ ᠦ 100 ᠵᠢᠯ ᠦᠨ ᠣᠢ᠂ 《ᠮᠣᠩ᠋ᠭᠣᠯ ᠴᠡᠷᠢᠭ ᠦᠨ ᠡᠳᠦᠷ》 ᠍ ᠢ ᠲᠣᠬᠢᠶᠠᠯᠳᠤᠭᠤᠯᠤᠨ ᠮᠣᠩ᠋ᠭᠣᠯ ᠤᠯᠤᠰ ᠤᠨ ᠶᠡᠷᠦᠩᠬᠡᠢᠢᠯᠡᠭᠴᠢ᠂ ᠵᠡᠪᠰᠡᠭᠲᠦ ᠬᠦᠴᠦᠨ ᠦ ᠶᠡᠷᠦᠩᠬᠡᠢ ᠺᠣᠮᠠᠨ᠋ᠳ᠋ᠯᠠᠭᠴᠢ ᠬᠠᠯᠲᠠᠮ᠎ᠠ ᠢᠢᠨ ᠪᠠᠲᠤᠲᠤᠯᠭ᠎ᠠ ᠮᠡᠨᠳᠦᠴᠢᠯᠡᠭᠡ ᠳᠡᠪᠰᠢᠭᠦᠯᠦᠯ᠎ᠡ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ᠂ ᠵᠡᠪᠰᠡᠭᠲᠦ ᠬᠦᠴᠦᠨ ᠦ ᠶᠡᠷᠦᠩᠬᠡᠢ ᠺᠣᠮᠠᠨ᠋ᠳ᠋ᠯᠠᠭᠴᠢ ᠢᠢᠨ ᠮᠡᠨᠳᠦᠴᠢᠯᠡᠭᠡᠨ ᠳᠥ᠄
《ᠡᠷᠬᠢᠮ ᠭᠧᠨᠧᠷᠠᠯ᠂ ᠣᠹᠢᠼᠧᠷ᠂ ᠠᠬᠠᠯᠠᠭᠴᠢ᠂ ᠭᠡᠷᠡᠳᠦ ᠪᠣᠯᠤᠨ ᠬᠤᠭᠤᠴᠠᠭᠠᠳᠤ ᠠᠯᠪᠠᠨ ᠤ ᠲᠦᠷᠦᠭᠦᠴᠢ᠂ ᠪᠠᠢᠢᠯᠳᠤᠭᠴᠢ᠂ ᠠᠵᠢᠯᠲᠠᠨ᠂ ᠠᠯᠪᠠᠨ ᠬᠠᠭᠠᠭᠴᠢᠳ ᠠ᠋᠂
ᠡᠩᠬᠡ ᠢᠢ ᠰᠠᠬᠢᠭᠤᠯᠤᠭᠴᠢᠳ ᠠ᠋᠂
ᠦᠶ᠎ᠡ ᠦᠶ᠎ᠡ ᠢᠢᠨ ᠵᠡᠪᠰᠡᠭᠲᠦ ᠬᠦᠴᠦᠨ ᠦ ᠶᠡᠷᠦᠩᠬᠡᠢ ᠺᠣᠮᠠᠨ᠋ᠳ᠋ᠯᠠᠭᠴᠢ᠂ ᠪᠡᠯᠡᠳᠬᠡᠯ ᠳᠥ ᠪᠣᠯᠤᠨ ᠴᠢᠯᠦᠭᠡᠨ ᠳᠥ ᠪᠠᠢᠢᠭ᠎ᠠ ᠠᠬᠠᠮᠠᠳ ᠳᠠᠢᠢᠴᠢᠨ᠂ ᠴᠡᠷᠢᠭ ᠦᠨ ᠪᠡᠯᠡᠳᠬᠡᠯ ᠡᠭᠦᠷᠭᠡᠲᠡᠨ᠂ ᠮᠣᠩ᠋ᠭᠣᠯ ᠤᠯᠤᠰ ᠤᠨ ᠨᠡᠢᠢᠲᠡ ᠢᠷᠭᠡᠳ ᠡ!
ᠲᠠ ᠪᠦᠬᠦᠨ ᠳᠥ ᠣᠷᠴᠢᠨ ᠴᠠᠭ ᠤᠨ ᠵᠡᠪᠰᠡᠭᠲᠦ ᠬᠦᠴᠦᠨ ᠡᠭᠦᠰᠴᠦ ᠬᠥᠭ᠍ᠵᠢᠭᠰᠡᠨ ᠦ 100 ᠵᠢᠯ ᠦᠨ ᠣᠢ ᠢᠢᠨ ᠭᠠᠯ ᠬᠠᠯᠠᠭᠤᠨ ᠮᠡᠨᠳᠦ ᠢᠢ ᠳᠡᠪᠰᠢᠭᠦᠯᠦᠶ᠎ᠡ!
ᠬᠦᠮᠦᠨ ᠲᠥᠷᠥᠯᠬᠢᠲᠡᠨ ᠦ ᠲᠡᠦᠬᠡᠨ ᠳᠥ ᠲᠣᠳᠣ ᠮᠥᠷ ᠢᠶᠡᠨ ᠦᠯᠡᠳᠡᠭᠡᠭ᠍ᠰᠡᠨ ᠨᠡᠭᠦᠳᠡᠯᠴᠢᠳ ᠦᠨ ᠲᠥᠷᠥᠳᠥ ᠤᠯᠤᠰ ᠤᠳ᠂ ᠾᠢᠦᠩᠨᠦ ᠭᠦᠷᠦᠨ ᠡᠴᠡ ᠤᠯᠪᠠᠭᠠᠯᠠᠭᠠᠳ ᠡᠵᠡᠨ ᠪᠣᠭᠳᠠ ᠴᠢᠩᠭᠢᠰ ᠬᠠᠭᠠᠨ ᠤ ᠲᠤᠭ ᠳᠣᠣᠷ᠎ᠠ ᠶᠢᠷᠲᠢᠨᠴᠦ ᠳ᠋ᠠᠬᠢᠨ᠎ᠠ ᠠᠯᠳᠠᠷ ᠢᠶᠠᠨ ᠳᠠᠭᠤᠷᠢᠰᠬᠠᠵᠤ ᠶᠠᠪᠤᠭᠰᠠᠨ ᠲᠠᠯ᠎ᠠ ᠢᠢᠨ ᠳᠠᠢᠢᠴᠢᠳ ᠤᠨ ᠬᠣᠢᠢᠴᠢᠰ ᠣᠷᠴᠢᠨ ᠴᠠᠭ ᠤᠨ ᠴᠡᠷᠢᠭ ᠦᠨ ᠵᠣᠬᠢᠶᠠᠨ ᠪᠠᠢᠢᠭᠤᠯᠤᠯᠲᠠ ᠳᠤ ᠣᠷᠣᠭᠰᠠᠨ ᠠᠴᠠ ᠬᠣᠢᠢᠰᠢ ᠥᠨᠥᠳᠥᠷ 100 ᠵᠢᠯ ᠲᠡᠢ ᠵᠣᠯᠭᠠᠵᠤ ᠪᠠᠢᠢᠨ᠎ᠠ᠃
ᠮᠣᠩ᠋ᠭᠣᠯ ᠦᠨᠳᠦᠰᠦᠲᠡᠨ ᠪᠥᠷᠢᠯᠳᠦᠨ ᠲᠣᠭᠲᠠᠭᠰᠠᠨ ᠨᠠᠢᠢᠮᠠᠨ ᠮᠢᠩ᠋ᠭᠠᠨ ᠵᠢᠯ ᠦᠨ ᠲᠤᠷᠰᠢᠳᠠ ᠬᠥᠷᠰᠢ ᠤᠯᠤᠰ ᠤᠳ ᠤᠨ ᠲᠡᠦᠬᠡᠴᠢᠳ 《… ᠡᠷ᠎ᠡ ᠪᠦᠷᠢ ᠨᠢ ᠠᠶᠠᠨ ᠳᠠᠢᠢᠨ ᠳᠤ ᠤᠷᠤᠯᠴᠠᠬᠤ ᠶᠣᠰᠣᠲᠠᠢ᠃ ᠨᠤᠮᠤ ᠲᠠᠲᠠᠵᠤ ᠴᠢᠳᠠᠬᠤ ᠨᠠᠰᠤᠨ ᠳᠤ ᠬᠦᠷᠦᠭᠰᠡᠨ ᠡᠷ᠎ᠡ ᠪᠦᠷᠢ ᠬᠤᠶᠠᠭᠲᠤ ᠮᠣᠷᠢᠲᠤ ᠴᠡᠷᠢᠭ ᠪᠣᠯᠳᠠᠭ》 ᠭᠡᠵᠦ ᠣᠨᠴᠠᠯᠠᠨ ᠲᠡᠮᠳᠡᠭᠯᠡᠵᠦ ᠢᠷᠡᠭᠰᠡᠨ ᠪᠠᠢᠢᠳᠠᠭ᠃
ᠲᠡᠢᠢᠮᠦ ᠡ᠂ ᠪᠢᠳᠡ ᠪᠣᠯ ᠡᠨᠡ ᠳᠡᠯᠡᠬᠡᠢ ᠳᠡᠭᠡᠷ᠎ᠡ ᠬᠤᠷᠤᠭᠤ ᠳᠠᠷᠤᠮ᠎ᠠ ᠴᠥᠭᠡᠬᠡᠨ ᠪᠠᠢᠢᠳᠠᠭ ᠴᠡᠷᠢᠭ ᠦᠨ᠂ ᠳᠠᠢᠢᠴᠢᠨ ᠦᠨᠳᠦᠰᠦᠲᠡᠨ ᠦ ᠨᠢᠭᠡ᠃ ᠴᠡᠷᠢᠭ ᠦᠨ ᠤᠷᠠᠯᠢᠭ ᠤᠨ ᠲᠡᠦᠬᠡᠨ ᠳᠥ ᠤᠯᠠ ᠮᠥᠷ ᠢᠶᠡᠨ ᠦᠯᠡᠳᠡᠭᠡᠭ᠍ᠰᠡᠨ ᠶᠡᠬᠡ ᠮᠣᠩ᠋ᠭᠣᠯ ᠤᠯᠤᠰ ᠤᠨ ᠠᠤᠭ᠎ᠠ ᠳᠠᠢᠢᠴᠢᠨ ᠴᠡᠷᠢᠭ ᠦᠳ ᠦᠨ ᠵᠠᠯᠭᠠᠮᠵᠢ ᠬᠣᠢᠢᠴᠢ ᠪᠢᠯᠡ᠃
ᠰᠢᠨ᠎ᠡ ᠪᠡᠷ ᠡᠮᠬᠢᠯᠡᠨ ᠪᠠᠢᠢᠭᠤᠯᠤᠭᠳᠠᠭᠰᠠᠨ ᠮᠣᠩ᠋ᠭᠣᠯ ᠠᠷᠠᠳ ᠤᠨ ᠵᠢᠷᠤᠮᠲᠤ ᠴᠡᠷᠢᠭ 1921 ᠣᠨ ᠤ 3 ᠳ᠋ᠤᠭᠠᠷ ᠰᠠᠷ᠎ᠠ ᠢᠢᠨ 18 ᠍ ᠤ ᠡᠳᠦᠷ ᠵᠠᠩᠵᠤᠨ ᠲ∙ ᠰᠦᠬᠡᠪᠠᠭᠠᠲᠤᠷ ᠤᠨ ᠤᠳᠤᠷᠢᠳᠤᠯᠭ᠎ᠠ ᠳᠣᠣᠷ᠎ᠠ ᠡᠬᠡ ᠨᠤᠲᠤᠭ ᠢᠶᠠᠨ ᠬᠠᠷᠢ ᠢᠢᠨ ᠬᠢᠨ ᠠᠴᠠ ᠴᠢᠯᠦᠭᠡᠯᠡᠬᠦ ᠵᠡᠪᠰᠡᠭᠲᠦ ᠲᠡᠮᠡᠴᠡᠯ ᠢ ᠡᠬᠢᠯᠡᠭᠦᠯᠦᠭᠰᠡᠨ ᠢᠶᠡᠷ ᠣᠷᠴᠢᠨ ᠦᠶ᠎ᠡ ᠢᠢᠨ ᠵᠡᠪᠰᠡᠭᠲᠦ ᠬᠦᠴᠦᠨ ᠡᠭᠦᠰᠦᠨ ᠪᠤᠢ ᠪᠣᠯᠤᠭᠰᠠᠨ᠃ ᠡᠨᠡ ᠴᠠᠭ ᠠᠴᠠ ᠬᠣᠢᠢᠰᠢ ᠮᠣᠩ᠋ᠭᠣᠯ ᠤᠨ ᠵᠡᠪᠰᠡᠭᠲᠦ ᠬᠦᠴᠦᠨ 1939 ᠣᠨ ᠳᠤ ᠬᠠᠯᠬ᠎ᠠ ᠢᠢᠨ ᠭᠣᠣᠯ ᠤᠨ᠂ 1945 ᠣᠨ ᠳᠤ ᠴᠢᠯᠦᠭᠡᠯᠡᠬᠦ ᠳᠠᠢᠢᠨ ᠳᠤ ᠣᠷᠣᠯᠴᠠᠨ ᠪᠠᠬᠠᠳᠤᠮ᠎ᠠ ᠢᠯᠠᠯᠲᠠ ᠨᠤᠭᠤᠳ ᠢᠶᠠᠷ ᠲᠡᠦᠬᠡ ᠪᠡᠨ ᠵᠤᠵᠠᠭᠠᠳᠬᠠᠭᠰᠠᠨ᠃ ᠡᠩᠬᠡ ᠢᠢᠨ ᠴᠠᠭ ᠲᠤ ᠬᠥᠳᠡᠭᠡ ᠠᠵᠤ ᠠᠬᠤᠢ᠂ ᠠᠵᠤ ᠦᠢᠯᠡᠳᠪᠦᠷᠢᠯᠡᠯ᠂ ᠳᠡᠳ᠋ ᠪᠦᠲᠦᠴᠡ᠂ ᠪᠠᠷᠢᠯᠭ᠎ᠠ ᠢᠢᠨ ᠲᠠᠯᠠᠪᠤᠷ ᠲᠤ ᠭᠠᠷ ᠪᠡᠶ᠎ᠡ ᠣᠷᠣᠯᠴᠠᠨ ᠠᠵᠢᠯᠯᠠᠵᠤ ᠦᠨᠡᠯᠡᠵᠦ ᠪᠠᠷᠠᠰᠢ ᠦᠭᠡᠢ ᠬᠤᠪᠢ ᠨᠡᠮᠡᠷᠢ ᠣᠷᠣᠭᠤᠯᠤᠨ ᠠᠷᠠᠳ ᠲᠦᠮᠡᠨ ᠦ ᠪᠡᠨ ᠪᠠᠬᠠᠷᠬᠠᠯ ᠪᠣᠯᠤᠭᠰᠠᠨ ᠪᠢᠯᠡ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ᠂ ᠵᠡᠪᠰᠡᠭᠲᠦ ᠬᠦᠴᠦᠨ ᠦ ᠶᠡᠷᠦᠩᠬᠡᠢ ᠺᠣᠮᠠᠨ᠋ᠳ᠋ᠯᠠᠭᠴᠢ ᠢᠢᠨ ᠬᠤᠪᠢ ᠪᠠᠷ ᠮᠢᠨᠦ ᠪᠡᠶ᠎ᠡ ᠡᠨᠡ ᠪᠠᠶᠠᠷᠲᠤ ᠡᠳᠦᠷ ᠢ ᠲᠣᠬᠢᠶᠠᠯᠳᠤᠭᠤᠯᠤᠨ ᠮᠣᠩ᠋ᠭᠣᠯ ᠤᠨ ᠵᠡᠪᠰᠡᠭᠲᠦ ᠬᠦᠴᠦᠨ ᠦ ᠲᠡᠦᠬᠡ᠂ ᠵᠡᠪᠰᠡᠭᠲᠦ ᠬᠦᠴᠦᠨ ᠦ ᠭᠠᠳᠠᠭᠠᠳᠤ ᠬᠠᠷᠢᠯᠴᠠᠭ᠎ᠠ᠂ ᠬᠠᠮᠲᠤ ᠢᠢᠨ ᠠᠵᠢᠯᠯᠠᠭ᠎ᠠ᠂ ᠡᠬᠡ ᠣᠷᠣᠨ ᠤ ᠪᠠᠨ ᠬᠢᠯᠢ ᠬᠢᠵᠠᠭᠠᠷ᠂ ᠨᠤᠲᠤᠭ ᠳᠡᠪᠢᠰᠬᠡᠷ ᠦᠨ ᠪᠦᠷᠢᠨ ᠪᠦᠲᠦᠨ ᠪᠠᠢᠢᠳᠠᠯ᠂ ᠠᠷᠠᠳ ᠢᠷᠭᠡᠳ ᠦᠨ ᠠᠶᠤᠯ ᠦᠭᠡᠢ ᠪᠠᠢᠢᠳᠠᠯ ᠢ ᠬᠠᠮᠠᠭᠠᠯᠠᠬᠤ ᠳᠤ ᠣᠷᠣᠭᠤᠯᠤᠭᠰᠠᠨ ᠬᠤᠪᠢ ᠨᠡᠮᠡᠷᠢ᠂ ᠭᠦᠢᠴᠡᠳᠭᠡᠭᠰᠡᠨ ᠡᠭᠦᠷᠭᠡ᠂ ᠲᠤᠰᠠᠭᠠᠷ ᠲᠣᠭᠲᠠᠨᠢᠯ ᠤᠨ ᠲᠥᠯᠥᠭᠡ ᠠᠯᠲᠠᠨ ᠠᠮᠢ ᠪᠠᠨ ᠵᠣᠷᠢᠭᠤᠯᠤᠭᠰᠠᠨ ᠪᠠᠭᠠᠲᠤᠷ ᠤᠳ᠂ ᠠᠬᠠᠮᠠᠳ ᠳᠠᠢᠢᠴᠢᠳ ᠢᠶᠠᠷ ᠢᠶᠠᠨ ᠪᠠᠬᠠᠷᠬᠠᠨ ᠣᠮᠣᠭᠰᠢᠵᠤ᠂ ᠦᠢᠯᠡ ᠬᠡᠷᠡᠭ ᠢ ᠨᠢ ᠮᠥᠩᠬᠡᠵᠢᠭᠦᠯᠬᠦ ᠢᠢ ᠨᠡᠢᠢᠲᠡ ᠠᠷᠠᠳ ᠲᠦᠮᠡᠨ᠂ ᠢᠯᠠᠩ᠋ᠭᠤᠶ᠎ᠠ ᠵᠠᠯᠠᠭᠤ ᠦᠶ᠎ᠡ ᠢᠢᠨ ᠬᠢᠨ᠂ ᠬᠡᠦᠬᠡᠳ᠂ ᠪᠠᠭᠠᠴᠤᠳ ᠲᠤ ᠪᠠᠨ ᠤᠷᠢᠶᠠᠯᠠᠵᠤ ᠪᠠᠢᠢᠨ᠎ᠠ᠃ ᠲᠠ ᠨᠠᠷ ᠪᠣᠯ ᠡᠨᠡ ᠤᠯᠤᠰ ᠤᠨ ᠢᠷᠡᠭᠡᠳᠦᠢ᠂ ᠵᠠᠯᠭᠠᠮᠵᠢ ᠬᠠᠯᠠᠭ᠎ᠠ᠃ ᠲᠡᠢᠢᠮᠦ ᠤᠴᠢᠷ ᠠᠴᠠ ᠲᠡᠦᠬᠡ ᠪᠡᠨ ᠮᠡᠳᠡᠵᠦ᠂ ᠲᠡᠭᠦᠨ ᠢ ᠪᠠᠬᠠᠷᠬᠠᠯᠲᠠᠢ ᠪᠠᠷ᠂ ᠨᠡᠷ᠎ᠡ ᠲᠥᠷᠦᠲᠡᠢ ᠪᠡᠷ ᠦᠷᠭᠦᠯᠵᠢᠯᠡᠭᠦᠯᠬᠦ ᠡᠭᠦᠷᠭᠡ ᠬᠠᠷᠢᠭᠤᠴᠠᠯᠭ᠎ᠠ ᠪᠠᠨ ᠡᠷᠲᠡᠨ ᠡᠴᠡ ᠤᠬᠠᠮᠰᠠᠷᠯᠠᠵᠤ᠂ ᠳᠡᠭᠡᠳᠦᠯᠡᠵᠦ ᠶᠠᠪᠤᠬᠤ ᠤᠴᠢᠷᠲᠠᠢ᠃
ᠥᠨᠥᠳᠥᠷ ᠮᠣᠩ᠋ᠭᠣᠯ ᠤᠯᠤᠰ ᠤᠨ ᠵᠡᠪᠰᠡᠭᠲᠦ ᠬᠦᠴᠦᠨ ᠡᠬᠡ ᠣᠷᠣᠨ ᠤ ᠪᠠᠨ ᠬᠠᠯᠳᠠᠰᠢ ᠦᠭᠡᠢ ᠳᠠᠷᠬᠠᠨ ᠪᠠᠢᠢᠳᠠᠯ ᠢ ᠰᠠᠬᠢᠨ ᠬᠠᠮᠠᠭᠠᠯᠠᠬᠤ ᠢᠢᠨ ᠵᠡᠷᠭᠡᠴᠡᠭᠡ ᠡᠩᠬᠡ ᠢᠢ ᠳᠡᠮᠵᠢᠬᠦ ᠪᠣᠯᠤᠨ ᠣᠯᠠᠨ ᠤᠯᠤᠰ ᠤᠨ ᠴᠡᠷᠢᠭ ᠦᠨ ᠪᠤᠰᠤᠳ ᠠᠵᠢᠯᠯᠠᠭᠠᠨ ᠳᠤ ᠠᠮᠵᠢᠯᠲᠠ ᠲᠠᠢ ᠣᠷᠣᠯᠴᠠᠨ ᠤᠯᠤᠰ ᠣᠷᠣᠨ ᠤ ᠪᠠᠨ ᠨᠡᠷ᠎ᠡ ᠬᠦᠨᠳᠦ ᠢᠢ ᠣᠯᠠᠨ ᠤᠯᠤᠰ ᠤᠨ ᠲᠠᠪᠴᠠᠩ ᠳᠤ ᠥᠨᠳᠥᠷ ᠲᠥ ᠡᠷᠭᠦᠵᠦ ᠶᠠᠪᠤᠨ᠎ᠠ᠃
ᠲᠡᠭᠦᠨᠴᠢᠯᠡᠨ ᠤᠯᠤᠰ ᠣᠷᠣᠨ ᠤ ᠰᠲ᠋ᠷᠠᠲ᠋ᠧᠭᠢ ᠢᠢᠨ ᠪᠦᠲᠦᠭᠡᠨ ᠪᠠᠢᠢᠭᠤᠯᠤᠯᠲᠠ ᠢᠢᠨ ᠠᠵᠢᠯ ᠳᠤ ᠮᠡᠷᠭᠡᠵᠢᠯ ᠦᠨ ᠪᠣᠯᠤᠨ ᠲᠧᠭᠨᠢᠭ ᠦᠨ ᠥᠨᠳᠥᠷ ᠪᠡᠯᠡᠳᠬᠡᠯᠵᠢᠯᠲᠡ᠂ ᠵᠣᠬᠢᠶᠠᠨ ᠪᠠᠢᠢᠭᠤᠯᠤᠯᠲᠠ ᠲᠠᠢ ᠪᠠᠷ ᠣᠷᠣᠯᠴᠠᠭᠰᠠᠨ ᠪᠠᠷ ᠢᠶᠠᠨ ᠮᠣᠩ᠋ᠭᠣᠯᠴᠤᠳ ᠪᠡᠶ᠎ᠡ ᠳᠠᠭᠠᠭᠠᠨ ᠲᠣᠮᠣ ᠪᠦᠲᠦᠭᠡᠨ ᠪᠠᠢᠢᠭᠤᠯᠤᠯᠲᠠ ᠢᠢ ᠥᠷᠨᠢᠭᠦᠯᠵᠦ᠂ ᠭᠦᠢᠴᠡᠳᠭᠡᠵᠦ ᠴᠢᠳᠠᠬᠤ ᠢᠢ ᠠᠷᠠᠳ ᠲᠦᠮᠡᠨ ᠳᠥ ᠪᠡᠨ ᠨᠣᠲᠠᠯᠠᠨ ᠬᠠᠷᠠᠭᠤᠯᠤᠯ᠎ᠠ᠃
ᠲᠠ ᠪᠦᠬᠦᠨ ᠳᠥ ᠣᠷᠴᠢᠨ ᠴᠠᠭ ᠤᠨ ᠵᠡᠪᠰᠡᠭᠲᠦ ᠬᠦᠴᠦᠨ ᠦ 100 ᠵᠢᠯ ᠦᠨ ᠣᠢ ᠢᠢᠨ ᠮᠡᠨᠳᠦ ᠢᠢ ᠳᠠᠬᠢᠨ ᠬᠦᠷᠭᠡᠵᠦ᠂ ᠠᠵᠠ ᠵᠢᠷᠭᠠᠯ᠂ ᠰᠠᠢᠢᠨ ᠰᠠᠢᠢᠬᠠᠨ ᠪᠦᠬᠦᠨ ᠢ ᠬᠦᠰᠡᠨ ᠢᠷᠦᠭᠡᠶ᠎ᠡ᠃
ᠮᠥᠩᠬᠡ ᠲᠩᠷᠢ ᠢᠢᠨ ᠬᠦᠴᠦᠨ ᠳᠦᠷ ᠪᠦᠬᠦ ᠴᠡᠷᠢᠭ ᠦᠨ ᠶᠡᠬᠡ ᠬᠠᠷ᠎ᠠ ᠰᠦᠯᠳᠡ ᠠᠮᠤᠭᠤᠯᠠᠩ ᠴᠡᠩᠭᠡᠵᠦ᠂ ᠠᠶᠤᠯ ᠵᠠᠨᠤᠯ ᠲᠡᠭᠦᠨ ᠳᠣᠣᠷ᠎ᠠ ᠰᠥᠬᠥᠷᠡᠨ ᠮᠡᠭᠦᠰᠲᠦᠬᠦ ᠪᠣᠯᠲᠤᠭᠠᠢ᠃
ᠮᠣᠩ᠋ᠭᠣᠯ ᠤᠯᠤᠰ᠂ ᠮᠣᠩ᠋ᠭᠣᠯ ᠴᠡᠷᠢᠭ ᠮᠥᠩᠬᠡᠳᠡ ᠣᠷᠣᠰᠢᠭ!》 ᠭᠡᠯᠡ᠃