Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ᠄ ᠡᠷᠬᠡ ᠪᠠᠷᠢᠭᠴᠢ ᠨᠠᠮ ᠦᠨᠡᠬᠡᠷ ᠣᠯᠠᠩᠬᠢ ᠪᠠᠢᠢᠨ᠎ᠠ᠂ ᠡᠷᠬᠡ ᠮᠡᠳᠡᠯ ᠲᠡᠢ ᠪᠠᠢᠢᠨ᠎ᠠ᠂ ᠮᠥᠩᠭᠥ ᠲᠡᠢ ᠪᠠᠢᠢᠨ᠎ᠠ᠂ ᠣᠹᠹᠰᠢᠷᠴᠢᠳ ᠳᠡᠢᠢᠯᠳᠡᠬᠦ ᠦᠭᠡᠢ ᠪᠠᠢᠢᠨ᠎ᠠ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬᠠᠯᠲᠠᠮ᠎ᠠ ᠢᠢᠨ ᠪᠠᠲᠤᠲᠤᠯᠭ᠎ᠠ ᠲᠥᠪ ᠲᠠᠯᠠᠪᠠᠢ ᠳᠤ ᠥᠯᠥᠰᠬᠦᠯᠡᠩ ᠵᠠᠷᠯᠠᠵᠤ ᠪᠤᠢ ᠤᠯᠤᠰ ᠤᠨ ᠶᠡᠬᠡ ᠬᠤᠷᠠᠯ ᠳ᠋ᠠᠬᠢ ᠠᠷᠠᠳᠴᠢᠯᠠᠭᠰᠠᠨ ᠨᠠᠮ ᠤᠨ ᠪᠦᠯᠦᠭ ᠦᠨ ᠭᠡᠰᠢᠭᠦᠳ ᠲᠡᠢ ᠥᠨᠥᠳᠥᠷ ᠠᠭᠤᠯᠵᠠᠯ᠎ᠠ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬᠠᠯᠲᠠᠮ᠎ᠠ ᠢᠢᠨ ᠪᠠᠲᠤᠲᠤᠯᠭ᠎ᠠ ᠠᠷᠠᠳᠴᠢᠯᠠᠭᠰᠠᠨ ᠨᠠᠮ ᠤᠨ ᠪᠦᠯᠦᠭ ᠦᠨ ᠭᠡᠰᠢᠭᠦᠳ ᠦᠨ ᠪᠠᠢᠢᠷᠢ ᠰᠠᠭᠤᠷᠢ᠂ ᠰᠠᠨᠠᠯ ᠬᠦᠰᠡᠯᠲᠡ ᠢᠢ ᠰᠣᠨᠣᠰᠤᠭᠰᠠᠨ ᠤ ᠪᠠᠨ ᠳᠠᠷᠠᠭ᠎ᠠ᠂ 《ᠪᠢ ᠥᠨᠥ ᠥᠷᠯᠥᠭᠡ ᠵᠠᠰᠠᠭ ᠤᠨ ᠭᠠᠵᠠᠷ ᠤᠨ ᠬᠡᠷᠡᠭ ᠡᠷᠬᠢᠯᠡᠬᠦ ᠭᠠᠵᠠᠷ ᠤᠨ ᠳᠠᠷᠤᠭ᠎ᠠ ᠴ ∙ ᠨᠢᠮᠠᠳᠣᠷᠵᠢ ᠲᠠᠢ ᠠᠭᠤᠯᠵᠠᠬᠤ ᠦᠶ᠎ᠡ ᠪᠡᠷ ᠢᠶᠡᠨ 《ᠲᠠ ᠲᠤᠯᠬᠤᠲᠠᠢ ᠤᠯᠤᠰ ᠲᠥᠷᠦᠴᠢ ᠬᠦᠮᠦᠨ ᠲᠤᠯᠠ ᠤᠯᠤᠰ ᠤᠨ ᠪᠠᠩᠬᠢᠨ ᠤ ᠶᠡᠷᠦᠩᠬᠡᠢ ᠭᠠᠵᠠᠷ ᠤᠨ ᠬᠢᠨᠠᠯᠲᠠ ᠢᠢᠨ ᠤᠯᠤᠰ ᠤᠨ ᠪᠠᠢᠢᠴᠠᠭᠠᠭᠴᠢ ᠲ ∙ ᠴᠢᠩᠲᠤᠯᠭ᠎ᠠ ᠢᠢᠨ ᠬᠠᠭᠤᠷᠮᠠᠴᠢ ᠪᠠᠷ ᠲᠠᠮᠠᠭ᠎ᠠ ᠦᠢᠯᠡᠳᠦᠭᠰᠡᠨ ᠠᠰᠠᠭᠤᠳᠠᠯ ᠢ ᠰᠢᠢᠳᠪᠦᠷᠢᠯᠡᠬᠦ ᠪᠠᠢᠢᠬᠤ ᠭᠡᠵᠦ ᠪᠣᠳᠣᠵᠤ ᠪᠠᠢᠢᠨ᠎ᠠ᠃ ᠬᠠᠤᠯᠢ ᠵᠦᠢ᠂ ᠳᠣᠲᠣᠭᠠᠳᠤ ᠬᠡᠷᠡᠭ ᠦᠨ ᠰᠠᠢᠢᠳ ᠬ ∙ ᠨᠢᠮᠪᠠᠭᠠᠲᠤᠷ ᠲᠠ ᠪᠦᠭᠦᠳᠡ ᠢᠢᠨ ᠮᠠᠢᠢᠬᠠᠨ᠂ ᠭᠡᠷ ᠦᠨ ᠠᠰᠠᠭᠤᠳᠠᠯ ᠢ ᠰᠢᠢᠳᠴᠦ ᠥᠭ᠍ᠬᠦ ᠶᠣᠰᠣᠲᠠᠢ᠃

ᠤᠯᠤᠰ ᠤᠨ ᠶᠡᠬᠡ ᠬᠤᠷᠠᠯ ᠤᠨ ᠳᠠᠷᠤᠭ᠎ᠠ ᠭ ∙ ᠽᠠᠨᠳᠠᠨᠰᠢᠲᠠᠷ᠎ᠠ ᠪᠣᠯ ᠲᠠ ᠪᠦᠬᠦᠨ ᠢ ᠤᠳᠤᠷᠢᠳᠴᠤ ᠪᠠᠢᠢᠭ᠎ᠠ ᠠᠩᠬᠢ ᠢᠢᠨ ᠳᠠᠷᠤᠭ᠎ᠠ ᠬᠦᠮᠦᠨ᠃ ᠲᠠ ᠪᠦᠬᠦᠨ ᠦ ᠶᠠᠷᠢᠵᠤ᠂ ᠬᠡᠯᠡᠵᠦ ᠪᠠᠢᠢᠭ᠎ᠠ ᠠᠰᠠᠭᠤᠳᠠᠯ ᠢ ᠲᠣᠳᠣᠷᠬᠠᠢ ᠬᠡᠮᠵᠢᠶᠡᠨ ᠳᠥ ᠰᠢᠢᠳᠬᠦ ᠶᠣᠰᠣᠲᠠᠢ᠃ ᠪᠢᠳᠡ ᠦᠨᠳᠦᠰᠦᠨ ᠬᠠᠤᠯᠢ ᠢᠢᠨ ᠨᠡᠮᠡᠯᠲᠡ᠂ ᠥᠭᠡᠷᠡᠴᠢᠯᠡᠯᠲᠡ ᠢᠢ ᠬᠢᠬᠦ ᠳᠥ ᠪᠡᠨ ᠶᠠᠮᠠᠷ ᠭᠡᠭᠡᠨ ᠪᠣᠳᠣᠯ ᠲᠠᠢ᠂ ᠤᠯᠤᠰ ᠣᠷᠣᠨ ᠤ ᠬᠥᠭ᠍ᠵᠢᠯ ᠶᠠᠷᠢᠵᠤ ᠪᠠᠢᠢᠭᠰᠠᠨ ᠪᠢᠯᠡ? ᠰᠠᠶ᠋ᠢ ᠲᠡᠦᠬᠡᠨ ᠳᠥ ᠠᠩᠬ᠎ᠠ ᠤᠳᠠᠭ᠎ᠠ ᠳᠣᠯᠣᠭᠠᠨ ᠮᠢᠨᠦ᠋ᠲ ᠤᠨ ᠬᠤᠭᠤᠴᠠᠭᠠᠨ ᠳᠤ ᠬᠠᠤᠯᠢ ᠪᠠᠲᠤᠯᠠᠯ᠎ᠠ᠃ ᠪᠢ ᠲᠠ ᠪᠦᠬᠦᠨ ᠲᠡᠢ ᠰᠠᠨᠠᠯ ᠰᠤᠯᠢᠯᠴᠠᠬᠤ ᠭᠡᠵᠦ ᠢᠷᠡᠭᠰᠡᠨ᠃ ᠬᠡᠪᠯᠡᠯ᠂ ᠮᠡᠳᠡᠭᠡᠯᠡᠯ ᠦᠨ ᠬᠢᠨ ᠶᠡᠬᠡ ᠪᠠᠢᠢᠨ᠎ᠠ ᠭᠡᠵᠦ ᠪᠣᠳᠣᠭᠰᠠᠨ ᠦᠭᠡᠢ᠃ ᠡᠨᠡ ᠪᠣᠯ ᠠᠷᠠᠳᠴᠢᠯᠠᠭᠰᠠᠨ ᠨᠠᠮ ᠤᠨ ᠠᠰᠠᠭᠤᠳᠠᠯ ᠪᠢᠰᠢ᠃ ᠮᠣᠩ᠋ᠭᠣᠯ ᠤᠯᠤᠰ ᠤᠨ ᠢᠷᠡᠭᠡᠳᠦᠢ᠂ ᠠᠷᠠᠳᠴᠢᠯᠠᠯ ᠲᠠᠢ ᠬᠣᠯᠪᠣᠭ᠎ᠠ ᠲᠠᠢ ᠠᠰᠠᠭᠤᠳᠠᠯ᠃ ᠪᠢ 2017 ᠣᠨ ᠳᠤ ᠠᠷᠠᠳᠴᠢᠯᠠᠭᠰᠠᠨ ᠨᠠᠮ ᠠᠴᠠ ᠨᠡᠷ᠎ᠡ ᠳᠡᠪᠰᠢᠵᠦ᠂ ᠣᠯᠠᠨ ᠵᠠᠭᠤᠨ ᠮᠢᠩ᠋ᠭᠠᠨ ᠬᠦᠮᠦᠨ ᠦ ᠰᠠᠨᠠᠯ ᠠᠪᠤᠭᠰᠠᠨ ᠤᠴᠢᠷ ᠠᠴᠠ ᠲᠠ ᠪᠦᠬᠦᠨ ᠦ ᠠᠰᠠᠭᠤᠳᠠᠯ ᠳᠤ ᠰᠠᠨᠠᠭ᠎ᠠ ᠵᠣᠪᠠᠵᠤ ᠪᠠᠢᠢᠭ᠎ᠠ᠃ ᠬᠠᠷᠠᠮᠰᠠᠯᠲᠠᠢ ᠨᠢ ᠡᠷᠬᠡ ᠪᠠᠷᠢᠭᠴᠢ ᠨᠠᠮ ᠮᠠᠨᠢ ᠫᠣᠰᠲ ᠺᠣᠮᠮᠤᠢᠨᠢᠰᠲ ᠨᠠᠮ ᠤᠨ ᠡᠭᠦᠷ ᠠᠭᠤᠷᠬᠠᠢ᠂ ᠦᠷ᠎ᠡ ᠤᠳᠤᠮ ᠬᠡᠪ ᠢᠶᠡᠷ ᠪᠠᠢᠢᠭ᠎ᠠ ᠢᠢ ᠰᠡᠭᠦᠯ ᠦᠨ ᠬᠣᠨᠣᠭ ᠤᠳ ᠲᠤ ᠬᠠᠷᠠᠵᠤ ᠪᠠᠢᠢᠨ᠎ᠠ᠃ ᠡᠷᠬᠡ ᠪᠠᠷᠢᠭᠴᠢ ᠨᠠᠮ ᠦᠨᠡᠬᠡᠷ ᠣᠯᠠᠩᠬᠢ ᠪᠠᠢᠢᠨ᠎ᠠ᠂ ᠡᠷᠬᠡ ᠮᠡᠳᠡᠯ ᠲᠡᠢ ᠪᠠᠢᠢᠨ᠎ᠠ᠂ ᠮᠥᠩᠭᠥ ᠲᠡᠢ ᠪᠠᠢᠢᠨ᠎ᠠ᠂ ᠣᠹᠹᠰᠢᠷᠴᠢᠳ ᠳᠡᠢᠢᠯᠳᠡᠬᠦ ᠦᠭᠡᠢ ᠪᠠᠢᠢᠨ᠎ᠠ᠃ ᠮᠣᠩ᠋ᠭᠣᠯ ᠢᠯᠠᠭᠳᠠᠵᠤ ᠪᠠᠢᠢᠨ᠎ᠠ ᠭᠡᠵᠦ ᠪᠣᠳᠣᠵᠤ ᠪᠠᠢᠢᠨ᠎ᠠ》 ᠭᠡᠯ᠎ᠡ᠃

ᠲᠡᠭᠦᠨᠴᠢᠯᠡᠨ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬᠠᠯᠲᠠᠮ᠎ᠠ ᠢᠢᠨ ᠪᠠᠲᠤᠲᠤᠯᠭ᠎ᠠ ᠰᠡᠭᠦᠯ ᠦᠨ ᠦᠶ᠎ᠡ ᠳᠥ ᠡᠭᠦᠰᠦᠭᠡᠳ ᠪᠤᠢ ᠨᠥᠬᠥᠴᠡᠯ ᠪᠠᠢᠢᠳᠠᠯ ᠤᠨ ᠲᠠᠯ᠎ᠠ ᠪᠠᠷ ᠰᠡᠳᠬᠦᠯᠴᠢ ᠢᠢᠨ ᠠᠰᠠᠭᠤᠯᠲᠠ ᠳᠤ᠂ 《ᠪᠦᠬᠦ ᠵᠦᠢᠯ ᠪᠠᠷᠢᠮᠲᠠ ᠲᠠᠢ᠃ ᠦᠨᠳᠦᠰᠦᠨ ᠬᠠᠤᠯᠢ ᠢᠢᠨ ᠴᠡᠴᠡ ᠶᠠᠮᠠᠷ ᠰᠢᠢᠳᠪᠦᠷᠢ ᠭᠠᠷᠭᠠᠪᠠ? ᠰᠣᠩ᠋ᠭᠣᠭᠤᠯᠢ ᠢᠢᠨ ᠶᠡᠷᠦᠩᠬᠡᠢ ᠬᠣᠷᠢᠶ᠎ᠠ ᠶᠠᠮᠠᠷ ᠰᠢᠢᠳᠪᠦᠷᠢ ᠭᠠᠷᠭᠠᠵᠤ ᠪᠠᠢᠢᠨ᠎ᠠ ᠪᠤᠢ? ᠡᠨᠡ ᠪᠦᠬᠦᠨ ᠦ ᠴᠠᠭᠠᠨ᠎ᠠ ᠡᠷᠬᠡ ᠮᠡᠳᠡᠯᠲᠡᠨ ᠨᠦᠭᠦᠳ ᠢ ᠬᠤᠳᠠᠯᠳᠤᠨ ᠠᠪᠴᠤ ᠪᠠᠢᠢᠭ᠎ᠠ ᠣᠹᠹᠱᠣᠷ ᠤᠨ ᠮᠥᠩᠭᠥ ᠪᠠᠢᠢᠭ᠎ᠠ ᠰᠢᠦ ᠳ᠋ᠡ᠃ ᠡᠨᠡ ᠬᠦᠮᠦᠰ ᠡᠷᠬᠡ ᠮᠡᠳᠡᠯ ᠢ ᠮᠥᠩᠭᠥ ᠪᠡᠷ᠂ ᠰᠣᠩ᠋ᠭᠣᠭᠤᠯᠢ ᠢᠢ ᠮᠥᠩᠭᠥ ᠪᠡᠷ ᠠᠪᠳᠠᠭ᠃ ᠰᠦ‍.ᠪᠠᠲᠤᠪᠣᠯᠤᠳ ᠪᠣᠯ ᠡᠨᠡ ᠪᠦᠬᠦᠨ ᠦ ᠭᠣᠣᠯ ᠲᠣᠯᠣᠭᠠᠢᠢᠯᠠᠭᠴᠢ᠃ ᠡᠨᠡ ᠬᠦᠮᠦᠨ ᠦ ᠳᠠᠩᠰᠠ ᠣᠯᠠᠨ ᠤᠯᠤᠰ ᠤᠨ ᠰᠢᠭᠦᠬᠦ ᠳᠥ ᠢᠯᠡᠷᠡᠭᠰᠡᠨ ᠤᠴᠢᠷ ᠠᠴᠠ ᠡᠢᠢᠮᠦ ᠵᠣᠬᠢᠶᠠᠨ ᠪᠠᠢᠢᠭᠤᠯᠤᠯᠲᠠ ᠲᠠᠢ ᠪᠤᠵᠢᠭᠢᠨᠠᠭᠠᠨ ᠡᠭᠦᠰᠦᠭᠰᠡᠨ᠃ ᠡᠷᠬᠡ ᠪᠠᠷᠢᠭᠴᠢ ᠨᠠᠮ ᠦᠨᠡᠬᠡᠷ ᠣᠯᠠᠩᠬᠢ ᠪᠠᠢᠢᠨ᠎ᠠ᠂ ᠡᠷᠬᠡ ᠮᠡᠳᠡᠯ ᠲᠡᠢ ᠪᠠᠢᠢᠨ᠎ᠠ᠂ ᠮᠥᠩᠭᠥ ᠲᠡᠢ ᠪᠠᠢᠢᠨ᠎ᠠ᠂ ᠣᠹᠹᠰᠢᠷᠴᠢᠳ ᠳᠡᠢᠢᠯᠳᠡᠬᠦ ᠦᠭᠡᠢ ᠪᠠᠢᠢᠨ᠎ᠠ》 ᠭᠡᠵᠦ ᠬᠠᠷᠢᠭᠤᠯᠤᠯ᠎ᠠ᠃