Та "Internet explorer"-ийн сүүлийн хувилбар болох "Microsoft edge"-г ашиглана уу

Хэрэв "Microsoft edge"-г татах бол энд дарж татаж авна уу

《ᠮᠥᠩᠬᠡ ᠲᠩᠷᠢ ᠢᠢᠨ ᠪᠢᠴᠢᠭ》 ᠮᠣᠩ᠋ᠭᠣᠯ ᠤᠷᠠᠨ ᠪᠢᠴᠢᠯᠭᠡ ᠢᠢᠨ ᠦᠵᠡᠰᠬᠦᠯᠡᠩ ᠦᠨ ᠰᠢᠯᠢᠳᠡᠭ ᠪᠦᠲᠦᠭᠡᠯ ᠦᠨ ᠡᠵᠡᠳ ᠲᠦ ᠱᠠᠩᠨᠠᠯ ᠭᠠᠷᠳᠠᠭᠤᠯᠤᠯ᠎ᠠ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬᠠᠯᠲᠠᠮ᠎ᠠ ᠢᠢᠨ ᠪᠠᠲᠤᠲᠤᠯᠭ᠎ᠠ ᠥᠨᠥᠳᠥᠷ 《ᠮᠥᠩᠬᠡ ᠲᠩᠷᠢ ᠢᠢᠨ ᠪᠢᠴᠢᠭ᠌》 ᠮᠣᠩ᠋ᠭᠣᠯ ᠤᠷᠠᠨ ᠪᠢᠴᠢᠯᠭᠡ ᠢᠢᠨ ᠦᠵᠡᠰᠬᠦᠯᠡᠩ ᠦᠨ ᠰᠢᠯᠢᠳᠡᠭ ᠣᠷᠣᠯᠴᠠᠭᠴᠢᠳ ᠲᠤ ᠡᠷᠭᠦᠮᠵᠢᠯᠡᠯ᠂ ᠮᠥᠩᠭᠥᠨ ᠱᠠᠩᠨᠠᠯ᠂ ᠭᠠᠷ ᠤᠨ ᠪᠡᠯᠡᠭ ᠭᠠᠷᠳᠠᠭᠤᠯᠤᠯ᠎ᠠ᠃

ᠶᠡᠬᠡ ᠡᠵᠡᠨ ᠴᠢᠩᠭᠢᠰ ᠬᠠᠭᠠᠨ ᠤ ᠮᠡᠨᠳᠦᠯᠡᠭᠰᠡᠨ 《ᠮᠣᠩ᠋ᠭᠣᠯ ᠪᠠᠬᠠᠷᠬᠠᠯ ᠤᠨ ᠡᠳᠦᠷ》 ᠍ ᠲᠥ ᠵᠣᠷᠢᠭᠤᠯᠤᠨ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠰᠠᠨᠠᠭᠠᠴᠢᠯᠠᠭ᠎ᠠ ᠪᠠᠷ ᠵᠣᠬᠢᠶᠠᠨ ᠪᠠᠢᠢᠭᠤᠯᠳᠠᠭ 《ᠮᠥᠩᠬᠡ ᠲᠩᠷᠢ ᠢᠢᠨ ᠪᠢᠴᠢᠭ᠌》 ᠮᠣᠩ᠋ᠭᠣᠯ ᠤᠷᠠᠨ ᠪᠢᠴᠢᠯᠭᠡ ᠢᠢᠨ ᠦᠵᠡᠰᠬᠦᠯᠡᠩ ᠢ ᠴᠠᠷ᠎ ᠲᠠᠬᠤᠯ ᠤᠨ ᠨᠥᠬᠥᠴᠡᠯ ᠪᠠᠢᠢᠳᠠᠯ ᠤᠨ ᠤᠯᠠᠮ ᠠᠴᠠ ᠬᠣᠢᠢᠰᠢᠯᠠᠭᠤᠯᠤᠭᠠᠳ ᠪᠠᠢᠢᠭᠰᠠᠨ ᠪᠢᠯᠡ᠃

ᠲᠡᠭᠡᠪᠡᠯ ᠲᠠᠪᠤᠳᠤᠭᠠᠷ ᠰᠠᠷ᠎ᠠ ᠳᠤ ᠲᠣᠬᠢᠶᠠᠵᠤ ᠪᠤᠢ ᠦᠨᠳᠦᠰᠦᠨ ᠦ ᠪᠢᠴᠢᠭ᠌ ᠦᠰᠦᠭ ᠦᠨ ᠪᠠᠶᠠᠷ ᠢ ᠲᠣᠬᠢᠶᠠᠯᠳᠤᠭᠤᠯᠤᠨ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠠᠴᠠ 《ᠮᠥᠩᠬᠡ ᠲᠩᠷᠢ ᠢᠢᠨ ᠪᠢᠴᠢᠭ᠌》 ᠦᠵᠡᠰᠬᠦᠯᠡᠩ ᠢ ᠠᠦ᠋ᠲ᠋ᠣᠪᠦ᠋ᠰ ᠤᠨ ᠪᠠᠭᠤᠳᠠᠯ᠂ ᠭᠤᠳᠤᠮᠵᠢᠨ ᠤ ᠮᠡᠳᠡᠭᠡᠯᠡᠯ ᠦᠨ ᠪᠠᠢᠢᠭᠤᠯᠤᠮᠵᠢ᠂ ᠳ᠋ᠢᠵᠢᠲᠠᠯ᠎ ᠳᠡᠯᠭᠡᠴᠡ ᠪᠡᠷ ᠳᠠᠮᠵᠢᠭᠤᠯᠤᠨ ᠲᠠᠪᠤᠳᠤᠭᠠᠷ ᠰᠠᠷ᠎ᠠ ᠢᠢᠨ 12 ᠍ ᠠᠴᠠ 25 ᠍ ᠤ ᠡᠳᠦᠷ ᠦᠳ ᠲᠥ ᠣᠯᠠᠨ ᠨᠡᠢᠢᠲᠡ ᠳᠦ ᠲᠣᠯᠢᠯᠠᠭᠤᠯᠵᠤ ᠪᠠᠢᠢᠨ᠎ᠠ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬᠠᠯᠲᠠᠮ᠎ᠠ ᠢᠢᠨ ᠪᠠᠲᠤᠲᠤᠯᠭ᠎ᠠ ᠱᠠᠩᠨᠠᠯ᠂ ᠭᠠᠷᠳᠡᠭᠤᠯᠤᠭᠰᠠᠨ ᠤ ᠳᠠᠷᠠᠭ᠎ᠠ᠄

《ᠦᠰᠦᠭ ᠦᠨ ᠤᠷᠠᠯᠢᠭ ᠤᠨ ᠰᠢᠯᠢᠳᠡᠭ ᠦᠳ᠂ ᠦᠨᠳᠦᠰᠦᠨ ᠦ ᠪᠢᠴᠢᠭ᠌ ᠦᠰᠦᠭ ᠦᠨ ᠵᠢᠳᠬᠦᠯᠲᠡᠨ ᠨᠦᠭᠦᠳ᠂ ᠪᠢᠴᠢᠭ᠌ ᠰᠣᠶᠣᠯ ᠳᠤ ᠪᠠᠨ ᠰᠢᠮᠳᠠᠨ ᠰᠤᠷᠤᠯᠴᠠᠵᠤ᠂ ᠲᠦᠭᠡᠭᠡᠨ ᠳᠡᠯᠭᠡᠷᠡᠭᠦᠯᠵᠦ ᠪᠠᠢᠢᠭ᠎ᠠ ᠮᠣᠩ᠋ᠭᠣᠯ ᠪᠢᠴᠢᠭᠲᠡᠨ ᠰᠤᠷᠤᠭᠴᠢ ᠪᠠᠭᠠᠴᠤᠳ ᠲᠠ ᠪᠦᠬᠦᠨ ᠳᠥ ᠦᠨᠳᠦᠰᠦᠨ ᠦ ᠪᠢᠴᠢᠭ᠌ ᠦᠰᠦᠭ ᠦᠨ ᠪᠠᠶᠠᠷ ᠤᠨ ᠮᠡᠨᠳᠦ ᠢᠢ ᠳᠡᠪᠰᠢᠭᠦᠯᠦᠶ᠎ᠡ᠃

ᠮᠣᠩ᠋ᠭᠣᠯ ᠪᠢᠴᠢᠭ᠌ ᠪᠣᠯ ᠮᠣᠩ᠋ᠭᠣᠯ ᠬᠦᠮᠦᠨ ᠪᠣᠯᠵᠤ ᠲᠦᠷᠦᠭᠰᠡᠨ᠂ ᠮᠣᠩ᠋ᠭᠣᠯ  ᠢᠶᠠᠷ ᠢᠶᠠᠨ ᠪᠠᠬᠠᠷᠬᠠᠳᠠᠭ ᠬᠦᠮᠦᠨ ᠪᠦᠷᠢ ᠢᠢᠨ ᠣᠶᠤᠨ ᠤ ᠦᠨᠡᠲᠦ᠂ ᠪᠠᠬᠠᠷᠬᠠᠯᠳᠤ ᠥᠪ ᠶᠤᠮ᠃ ᠮᠣᠩ᠋ᠭᠣᠯ ᠪᠢᠴᠢᠭ ᠲᠥ ᠪᠡᠨ ᠳᠤᠷᠠᠯᠠᠵᠤ᠂ ᠥᠪ ᠰᠤᠶᠤᠯ ᠳᠤ ᠪᠠᠨ ᠰᠢᠮᠡᠳᠦᠭᠰᠡᠨ ᠲᠠ ᠪᠦᠬᠦᠨ ᠪᠣᠯ ᠡᠨᠡ ᠦᠨᠡᠲᠦ ᠥᠪ ᠢᠶᠡᠨ ᠬᠠᠳᠠᠭᠠᠯᠠᠨ ᠬᠠᠮᠠᠭᠠᠯᠠᠵᠤ᠂ ᠦᠨᠳᠦᠰᠦᠨ ᠦ ᠪᠠᠬᠠᠷᠬᠠᠯ ᠢᠶᠠᠨ ᠲᠦᠭᠡᠭᠡᠨ ᠳᠡᠯᠭᠡᠷᠡᠭᠦᠯᠵᠦ ᠪᠠᠢᠢᠭ᠎ᠠ ᠡᠷᠬᠢᠮ ᠦᠢᠯᠡᠰ ᠦᠨ ᠡᠵᠡᠳ ᠪᠢᠯᠡ᠃ ᠪᠠᠶᠠᠷ ᠬᠦᠷᠭᠡᠶ᠎ᠡ!

ᠮᠢᠨᠦ ᠪᠡᠶ᠎ᠡ ᠥᠪᠡᠷ ᠦᠨ ᠪᠡᠶ᠎ᠡ ᠪᠡᠷ ᠦᠯᠢᠭᠡᠷᠯᠡᠨ ᠬᠣᠵᠢᠭᠤ ᠴᠤ ᠭᠡᠯ᠎ᠡ ᠦᠨᠳᠦᠰᠦᠨ ᠦ ᠪᠢᠴᠢᠭ᠌ ᠢᠶᠡᠨ ᠰᠤᠷᠴᠤ᠂ ᠰᠤᠷᠤᠭᠰᠠᠨ ᠮᠡᠳᠡᠭᠰᠡᠨ ᠢᠶᠡᠨ ᠲᠦᠭᠡᠭᠡᠬᠦ᠂ ᠥᠭ᠍ᠬᠦ ᠢᠢᠨ ᠲᠤᠯᠠᠳᠠ ᠬᠢᠴᠢᠶᠡᠯ ᠪᠣᠯᠭᠠᠨ ᠵᠢᠭᠠᠭᠰᠠᠨ ᠢ ᠬᠡᠦᠬᠡᠳ ᠦᠳ ᠲᠠ ᠨᠠᠷ ᠦᠵᠡᠭᠰᠡᠨ ᠪᠠᠢᠢᠬᠤ ᠭᠡᠵᠦ ᠨᠠᠢᠢᠳᠠᠵᠤ ᠪᠠᠢᠢᠨ᠎ᠠ᠃ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠭᠠᠳᠠᠭᠠᠳᠤ ᠠᠯᠪᠠᠨ ᠪᠢᠴᠢᠭ᠌᠂ ᠭᠠᠳᠠᠭᠠᠳᠤ ᠢᠷᠭᠡᠨ ᠦ ᠱᠠᠩᠨᠠᠯ ᠤᠨ ᠪᠠᠲᠤᠯᠠᠮᠵᠢ᠂ ᠡᠯᠴᠢᠨ ᠰᠠᠢᠢᠳ ᠤᠨ ᠢᠲᠡᠭᠡᠮᠵᠢᠯᠡᠬᠦ ᠵᠢᠭᠤᠬᠤ ᠪᠢᠴᠢᠭ᠌᠂ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠠᠴᠠ ᠭᠠᠷᠴᠤ ᠪᠤᠢ ᠤᠷᠢᠯᠭ᠎ᠠ᠂ ᠲᠠᠯᠠᠷᠬᠠᠯ᠂ ᠡᠷᠭᠦᠮᠵᠢᠯᠡᠯ᠂ ᠪᠠᠲᠤᠯᠠᠮᠵᠢ ᠭᠡᠳ ᠪᠦᠬᠦᠢ ᠯᠠ ᠪᠠᠷᠢᠮᠲᠠ ᠪᠢᠴᠢᠭ᠌ ᠦᠳ ᠮᠣᠩ᠋ᠭᠣᠯ ᠦᠨᠳᠦᠰᠦᠨ ᠦ ᠪᠢᠴᠢᠭ᠌ ᠢᠶᠡᠷ ᠪᠡᠯᠡᠳᠬᠡᠭ᠍ᠳᠡᠵᠦ᠂ ᠬᠣᠣᠰ ᠪᠢᠴᠢᠭ᠌ ᠲᠡᠢ ᠪᠡᠷ ᠪᠠᠲᠤᠯᠠᠭᠳᠠᠳᠠᠭ ᠶᠤᠮ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠰᠠᠨᠠᠭᠠᠴᠢᠯᠠᠭ᠎ᠠ ᠪᠠᠷ ᠵᠢᠯ ᠪᠦᠷᠢ ᠵᠣᠬᠢᠶᠠᠨ ᠪᠠᠢᠢᠭᠤᠯᠳᠠᠭ 《ᠮᠥᠩᠬᠡ ᠲᠩᠷᠢ ᠢᠢᠨ ᠪᠢᠴᠢᠭ᠌》 ᠤᠷᠠᠨ ᠪᠢᠴᠢᠯᠭᠡ ᠢᠢᠨ ᠦᠵᠡᠰᠬᠦᠯᠡᠩ ᠪᠣᠯ ᠮᠣᠩ᠋ᠭᠣᠯ ᠪᠢᠴᠢᠭ᠌ ᠦᠨ ᠬᠦᠷᠢᠶᠡᠨ ᠦ ᠬᠢᠨ ᠦ ᠬᠦᠰᠡᠨ ᠬᠦᠯᠢᠶᠡᠳᠡᠭ ᠲᠣᠮᠣᠬᠠᠨ ᠤᠯᠠᠮᠵᠢᠯᠠᠯᠲᠤ ᠪᠠᠶᠠᠷ ᠪᠣᠯᠤᠭᠰᠠᠨ᠃ ᠥᠩᠭᠡᠷᠡᠭᠰᠡᠨ ᠵᠢᠯ ᠴᠠᠷ᠎ ᠲᠠᠬᠤᠯ ᠤᠨ ᠨᠥᠬᠥᠴᠡᠯ ᠪᠠᠢᠢᠳᠠᠯ ᠠᠴᠠ ᠰᠢᠯᠲᠠᠭᠠᠯᠠᠨ ᠬᠣᠢᠢᠰᠢᠯᠠᠭᠰᠠᠨ ᠦᠵᠡᠰᠬᠦᠯᠡᠩ ᠮᠠᠨᠢ ᠥᠨᠥ ᠵᠢᠯ ᠦᠨᠳᠦᠰᠦᠨ ᠦ ᠪᠢᠴᠢᠭ᠌ ᠦᠰᠦᠭ ᠦᠨ ᠪᠠᠶᠠᠷ ᠢ ᠲᠣᠬᠢᠶᠠᠯᠳᠤᠭᠤᠯᠤᠨ ᠤᠯᠠᠭᠠᠨᠪᠠᠭᠠᠲᠤᠷ ᠤᠨ ᠭᠤᠳᠤᠮᠵᠢᠨ ᠤ ᠮᠡᠳᠡᠭᠡᠯᠡᠯ ᠦᠨ ᠪᠠᠢᠢᠭᠤᠯᠤᠮᠵᠢ ᠨᠤᠭᠤᠳ ᠲᠤ ᠳᠡᠯᠭᠡᠭ᠍ᠳᠡᠭᠰᠡᠨ ᠪᠠᠢᠢᠭ᠎ᠠ ᠨᠢ ᠨᠡᠢᠢᠰᠯᠡᠯ ᠬᠣᠲᠠ ᠪᠠᠨ ᠥᠪ ᠰᠤᠶᠤᠯ᠂ ᠦᠨᠳᠦᠰᠦᠨ ᠦ ᠠᠭᠤᠯᠭ᠎ᠠ ᠪᠠᠷ ᠴᠢᠮᠡᠵᠦ ᠪᠠᠢᠢᠨ᠎ᠠ᠃

ᠥᠨᠥᠳᠥᠷ 《ᠮᠥᠩᠬᠡ ᠲᠩᠷᠢ ᠢᠢᠨ ᠪᠢᠴᠢᠭ᠌》 ᠦᠵᠡᠰᠬᠦᠯᠡᠩ ᠦᠨ ᠰᠢᠯᠢᠳᠡᠭ ᠦᠳ ᠲᠥ ᠤᠯᠠᠮᠵᠢᠯᠠᠯ ᠶᠣᠰᠣᠭᠠᠷ ᠱᠠᠩᠨᠠᠯ ᠢ ᠨᠢ ᠭᠠᠷᠳᠠᠭᠤᠯᠬᠤ ᠪᠣᠯᠤᠮᠵᠢ ᠣᠯᠳᠠᠵᠤ᠂ ᠲᠠ ᠪᠦᠬᠦᠨ ᠲᠡᠢ ᠠᠭᠤᠯᠵᠠᠭᠰᠠᠨ ᠳᠤ ᠪᠠᠨ ᠮᠢᠨᠦ ᠪᠡᠶ᠎ᠡ ᠲᠤᠢᠢᠯ ᠤᠨ ᠪᠠᠶᠠᠷᠲᠠᠢ ᠪᠠᠢᠢᠨ᠎ᠠ᠃ ᠦᠵᠡᠰᠬᠦᠯᠡᠩ ᠳᠥ ᠣᠷᠣᠯᠴᠠᠭᠰᠠᠨ ᠪᠦᠬᠦ ᠬᠡᠦᠬᠡᠳ ᠦᠳ᠂ ᠤᠷᠠᠨ ᠪᠢᠴᠢᠭᠡᠴᠢ ᠮᠣᠩ᠋ᠭᠣᠯ ᠪᠢᠴᠢᠭᠲᠡᠨ ᠪᠠᠭᠠᠴᠤᠳ᠂ ᠡᠷᠳᠡᠮᠲᠦ ᠪᠠᠭᠰᠢ ᠨᠠᠷ᠂ ᠤᠷᠠᠨ ᠪᠦᠲᠦᠭᠡᠯᠴᠢᠳ ᠲᠥ ᠪᠡᠨ ᠪᠦᠭᠦᠳᠡ ᠳᠥ ᠨᠢ ᠳᠠᠬᠢᠨ ᠪᠠᠶᠠᠷᠯᠠᠯ᠎ᠠ ᠭᠡᠵᠦ ᠬᠡᠯᠡᠶ᠎ᠡ᠃

ᠴᠢᠬᠢᠨ ᠦ ᠴᠢᠮᠡᠭ ᠪᠣᠯᠤᠭᠰᠠᠨ ᠠᠶᠠᠯᠭᠤ ᠰᠠᠢᠢᠬᠠᠨ ᠮᠣᠩ᠋ᠭᠣᠯ ᠬᠡᠯᠡ᠂ ᠪᠢᠴᠢᠭ᠌ ᠦᠰᠦᠭ ᠢᠶᠡᠨ ᠰᠤᠷᠴᠤ ᠰᠤᠳᠤᠯᠬᠤ᠂ ᠲᠦᠭᠡᠭᠡᠨ ᠳᠡᠯᠭᠡᠷᠡᠭᠦᠯᠬᠦ ᠡᠷᠬᠢᠮ ᠦᠢᠯᠡᠰ ᠲᠥ ᠴᠠᠭ ᠵᠠᠪ᠂ ᠰᠡᠳᠬᠢᠯ ᠵᠢᠷᠦᠬᠡ ᠪᠡᠨ ᠵᠣᠷᠢᠭᠤᠯᠤᠭᠰᠠᠨ ᠳᠤ ᠲᠠᠨᠢ ᠭᠦᠨ ᠲᠠᠯᠠᠷᠬᠠᠯ ᠢᠯᠡᠷᠬᠡᠢᠢᠯᠡᠵᠦ᠂ ᠤᠯᠠᠮ ᠶᠡᠬᠡ ᠠᠮᠵᠢᠯᠲᠠ ᠢᠷᠦᠭᠡᠶ᠎ᠡ᠃

ᠮᠥᠩᠬᠡ ᠲᠩᠷᠢ ᠢᠢᠨ ᠳᠣᠣᠷ᠎ᠠ ᠮᠣᠩ᠋ᠭᠣᠯ ᠪᠢᠴᠢᠭ᠌ ᠰᠣᠶᠣᠯ ᠲᠦᠭᠡᠭᠡᠮᠡᠯ ᠪᠣᠯᠲᠤᠭᠠᠢ》 ᠭᠡᠯ᠎ᠡ᠃