Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠪᠦᠬᠦ ᠴᠡᠷᠢᠭ ᠦᠨ ᠶᠡᠬᠡ ᠬᠠᠷ᠎ᠠ ᠰᠦᠯᠳᠡ ᠢᠢ ᠴᠢᠩᠭᠢᠭᠦᠯᠬᠦ ᠲᠠᠢᠢᠯᠭ᠎ᠠ ᠢᠢᠨ ᠶᠣᠰᠣᠯᠠᠯ ᠳᠤ ᠤᠷᠤᠯᠴᠠᠪᠠ

ᠪᠢᠯᠢᠭ᠌ ᠦᠨ ᠲᠣᠭᠠᠯᠠᠯ ᠤᠨ XVII ᠵᠢᠷᠠᠨ ᠤ 《ᠴᠥᠭᠡᠪᠦᠷᠢ》 ᠬᠡᠮᠡᠬᠦ ᠴᠠᠭᠠᠭᠴᠢᠨ ᠦᠬᠡᠷ ᠵᠢᠯ ᠦᠨ ᠵᠤᠨ ᠤ ᠲᠡᠷᠢᠭᠦᠨ ᠬᠠᠷᠠᠭᠴᠢᠨ ᠮᠣᠭᠠᠢ ᠰᠠᠷ᠎ᠠ ᠢᠢᠨ ᠰᠢᠨ᠎ᠡ ᠢᠢᠨ 08 ᠍ ᠤ ᠡᠨᠡ ᠡᠳᠦᠷ ᠦᠨ ᠮᠣᠷᠢᠨ ᠴᠠᠭ ᠲᠤ ᠪᠦᠬᠦ ᠴᠡᠷᠢᠭ ᠦᠨ ᠶᠡᠬᠡ ᠬᠠᠷ᠎ᠠ ᠰᠦᠯᠳᠡ ᠢᠢ ᠴᠢᠩᠭᠢᠭᠦᠯᠬᠦ ᠲᠠᠢᠢᠯᠭ᠎ᠠ ᠢᠢᠨ ᠶᠣᠰᠣᠯᠠᠯ ᠲᠥᠪ ᠠᠢᠢᠮᠠᠭ ᠤᠨ ᠡᠷᠳᠡᠨᠢ ᠰᠤᠮᠤ ᠢᠢᠨ ᠨᠤᠲᠤᠭ ᠲᠤ ᠪᠠᠢᠢᠷᠢᠯᠠᠬᠤ ᠠᠭᠤᠢᠳᠤ ᠠᠭᠤᠯᠠ ᠢᠢᠨ ᠣᠷᠭᠢᠯ ᠳᠤ ᠪᠣᠯᠤᠯ᠎ᠠ᠃

ᠪᠦᠬᠦ ᠴᠡᠷᠢᠭ ᠦᠨ ᠶᠡᠬᠡ ᠬᠠᠷ᠎ᠠ ᠰᠦᠯᠳᠡ ᠢᠢ ᠴᠢᠩᠭᠢᠭᠦᠯᠬᠦ ᠲᠠᠢᠢᠯᠭ᠎ᠠ ᠢᠢᠨ ᠶᠣᠰᠣᠯᠠᠯ ᠳᠤ ᠮᠣᠩ᠋ᠭᠣᠯ ᠤᠯᠤᠰ ᠤᠨ ᠶᠡᠷᠦᠩᠬᠡᠢᠢᠯᠡᠭᠴᠢ᠂ ᠵᠡᠪᠰᠡᠭᠲᠦ ᠬᠦᠴᠦᠨ ᠦ ᠶᠡᠷᠦᠩᠬᠡᠢ ᠺᠣᠮᠠᠨ᠋ᠳ᠋ᠯᠠᠭᠴᠢ ᠬᠠᠯᠲᠠᠮ᠎ᠠ ᠢᠢᠨ ᠪᠠᠲᠤᠲᠤᠯᠭ᠎ᠠ᠂ ᠮᠣᠩ᠋ᠭᠣᠯ ᠤᠯᠤᠰ ᠤᠨ ᠵᠠᠰᠠᠭ ᠤᠨ ᠭᠠᠵᠠᠷ ᠤᠨ ᠭᠡᠰᠢᠭᠦᠨ᠂ ᠪᠠᠲᠤᠯᠠᠨ ᠬᠠᠮᠠᠭᠠᠯᠠᠬᠤ ᠢᠢᠨ ᠰᠠᠢᠢᠳ᠂ ᠪᠠᠷᠢᠭᠠᠳ᠋ ᠤᠨ ᠭᠧᠨᠧᠷᠠᠯ ᠭ ∙ ᠰᠠᠢᠢᠬᠠᠨᠪᠠᠶᠠᠷ᠂ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠤᠨ ᠳᠠᠷᠤᠭ᠎ᠠ ᠥ᠊ ∙ ᠰᠢᠵᠢᠷ᠂ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠠᠶᠤᠯ ᠦᠭᠡᠢ ᠪᠠᠢᠢᠳᠠᠯ᠂ ᠪᠠᠲᠤᠯᠠᠨ ᠬᠠᠮᠠᠭᠠᠯᠠᠬᠤ ᠢᠢᠨ ᠪᠣᠳᠣᠯᠭ᠎ᠠ ᠢᠢᠨ ᠵᠥᠪᠯᠡᠬᠦ ᠯ ∙ ᠪᠣᠯᠣᠳ᠂ ᠵᠡᠪᠰᠡᠭᠲᠦ ᠬᠦᠴᠦᠨ ᠦ ᠵᠠᠩᠵᠤᠨ ᠱᠲ᠋ᠠᠪ ᠤᠨ ᠳᠠᠷᠤᠭ᠎ᠠ᠂ ᠬᠣᠰᠢᠭᠤᠴᠢ ᠭᠧᠨᠧᠷᠠᠯ ᠲ ∙ ᠭᠠᠩᠵᠣᠷᠢᠭ ᠲᠡᠷᠢᠭᠦᠲᠡᠢ ᠪᠦᠷᠢᠯᠳᠦᠬᠦᠨ ᠤᠷᠤᠯᠴᠠᠪᠠ᠃

ᠶᠣᠰᠣᠯᠠᠯ᠂ ᠬᠦᠨᠳᠦᠳᠬᠡᠯ ᠦᠨ ᠠᠵᠢᠯᠯᠠᠭ᠎ᠠ ᠮᠣᠩ᠋ᠭᠣᠯ ᠤᠯᠤᠰ ᠤᠨ ᠶᠡᠷᠦᠩᠬᠡᠢᠢᠯᠡᠭᠴᠢ᠂ ᠵᠡᠪᠰᠡᠭᠲᠦ ᠬᠦᠴᠦᠨ ᠦ ᠶᠡᠷᠦᠩᠬᠡᠢ ᠺᠣᠮᠠᠨ᠋ᠳ᠋ᠯᠠᠭᠴᠢ ᠂ ᠪᠠᠲᠤᠯᠠᠨ ᠬᠠᠮᠠᠭᠠᠯᠠᠬᠤ ᠢᠢᠨ ᠰᠠᠢᠢᠳ᠂ ᠵᠡᠪᠰᠡᠭᠲᠦ ᠬᠦᠴᠦᠨ ᠦ ᠵᠠᠩᠵᠤᠨ ᠱᠲ᠋ᠠᠪ ᠤᠨ ᠳᠠᠷᠤᠭ᠎ᠠ ᠨᠠᠷ ᠠᠭᠤᠢᠳᠤ ᠠᠭᠤᠯᠠ ᠢᠢᠨ ᠲᠠᠬᠢᠯᠭ᠎ᠠ ᠳᠤ ᠣᠪᠣᠭᠠᠨ ᠳᠤ ᠬᠠᠳᠠᠭ ᠡᠷᠭᠦᠨ᠂ ᠪᠦᠬᠦ ᠴᠡᠷᠢᠭ ᠦᠨ ᠶᠡᠬᠡ ᠬᠠᠷ᠎ᠠ ᠰᠦᠯᠳᠡ ᠢᠢ ᠠᠭᠤᠢᠢᠳᠤ ᠠᠭᠤᠯᠠ ᠢᠢᠨ ᠣᠷᠭᠢᠯ ᠳᠤ ᠲᠤᠰᠬᠠᠢᠢᠯᠠᠨ ᠵᠠᠰᠠᠭᠰᠠᠨ ᠰᠠᠭᠤᠷᠢᠨ ᠳᠤ ᠪᠠᠢᠢᠷᠢᠯᠠᠭᠤᠯᠤᠭᠰᠠᠨ ᠢᠶᠠᠷ ᠡᠬᠢᠯᠡᠭᠰᠡᠨ ᠶᠤᠮ᠃

ᠪᠦᠬᠦ ᠴᠡᠷᠢᠭ ᠦᠨ ᠶᠡᠬᠡ ᠬᠠᠷ᠎ᠠ ᠰᠦᠯᠳᠡ ᠢᠢ ᠴᠢᠩᠭᠢᠭᠦᠯᠬᠦ ᠲᠠᠢᠢᠯᠭ᠎ᠠ ᠢᠢᠨ ᠶᠣᠰᠣᠯᠠᠯ ᠢ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ 2017 ᠣᠨ ᠤ ᠲᠠᠪᠤᠳᠤᠭᠠᠷ ᠰᠠᠷ᠎ᠠ ᠢᠢᠨ 29 ᠍ ᠦ ᠡᠳᠦᠷ ᠦᠨ 126 ᠳ᠋ᠤᠭᠠᠷ ᠵᠠᠷᠯᠢᠭ ᠤᠨ ᠬᠠᠪᠰᠤᠷᠤᠯᠲᠠ ᠪᠠᠷ ᠪᠠᠲᠤᠯᠠᠭᠳᠠᠭᠰᠠᠨ ᠲᠤᠰᠬᠠᠢ ᠵᠢᠷᠤᠮ ᠤᠨ ᠳᠠᠭᠠᠤ ᠲᠥᠷᠥ ᠢᠢᠨ ᠬᠣᠨᠵᠢᠨ ᠤᠳᠤᠷᠢᠳᠤᠨ ᠭᠦᠢᠴᠡᠳᠬᠡᠯ᠎ᠡ᠃

ᠪᠦᠬᠦ ᠴᠡᠷᠢᠭ ᠦᠨ ᠶᠡᠬᠡ ᠬᠠᠷ᠎ᠠ ᠰᠦᠯᠳᠡ ᠢᠢᠨ ᠲᠠᠢᠢᠯᠭ᠎ᠠ ᠨᠢ ᠮᠣᠩ᠋ᠭᠣᠯ ᠴᠡᠷᠢᠭ ᠦᠨ ᠣᠷᠣᠢ ᠢᠢᠨ ᠳᠡᠭᠡᠳᠦ ᠰᠢᠲᠦᠭᠡᠨ ᠪᠦᠬᠦ ᠴᠡᠷᠢᠭ ᠦᠨ ᠶᠡᠬᠡ ᠬᠠᠷ᠎ᠠ ᠰᠦᠯᠳᠡ ᠪᠡᠨ ᠬᠦᠨᠳᠦᠳᠬᠡᠨ ᠴᠡᠩᠭᠡᠯ ᠪᠠᠶᠠᠰᠤᠯ ᠢ ᠨᠢ ᠬᠥᠭ᠍ᠵᠢᠭᠡᠵᠦ᠂ ᠲᠡᠭᠦᠨ ᠳᠥ ᠴᠡᠷᠢᠭ ᠡᠷᠡᠰ ᠦᠨ ᠢᠶᠡᠨ ᠡᠷᠳᠡᠮ ᠴᠢᠳᠠᠯ᠂ ᠢᠳᠡ ᠬᠠᠪᠤ᠂ ᠰᠦᠷ ᠬᠦᠴᠦ ᠢᠢ ᠢᠯᠡᠳᠬᠡᠨ ᠬᠠᠷᠠᠭᠤᠯᠵᠤ ᠪᠤᠢ ᠶᠣᠰᠣᠯᠠᠯ ᠬᠦᠨᠳᠦᠳᠬᠡᠯ ᠦᠨ ᠠᠵᠢᠯᠯᠠᠭ᠎ᠠ ᠪᠥᠭᠡᠳ ᠴᠢᠩᠭᠢᠭᠦᠯᠬᠦ ᠲᠠᠢᠢᠯᠭ᠎ᠠ ᠢᠢ ᠬᠣᠶᠠᠷ ᠵᠢᠯ ᠳᠥ ᠨᠢᠭᠡ ᠤᠳᠠᠭ᠎ᠠ᠂ ᠴᠠᠭᠠᠯᠠᠬᠤ ᠲᠠᠢᠢᠯᠭ᠎ᠠ ᠢᠢ ᠵᠢᠯ ᠳᠥ ᠨᠢᠭᠡ ᠤᠳᠠᠭ᠎ᠠ ᠬᠢᠳᠡᠭ᠃

ᠲᠥᠪ ᠠᠢᠢᠮᠠᠭ ᠤᠨ ᠡᠷᠳᠡᠨᠢ ᠰᠤᠮᠤ ᠢᠢᠨ ᠨᠤᠲᠤᠭ ᠲᠤ ᠤᠷᠤᠰᠢᠬᠤ ᠲᠤᠭ ᠰᠦᠯᠳᠡᠨ ᠦ ᠵᠣᠬᠢᠯᠳᠤᠯᠭ᠎ᠠ ᠲᠠᠢ ᠠᠭᠤᠢᠢᠳᠤ ᠠᠭᠤᠯᠠ ᠨᠢ ᠪᠠᠶᠠᠨᠵᠢᠷᠦᠬᠡ ᠬᠠᠢᠢᠷᠬᠠᠨ ᠤ ᠰᠠᠯᠪᠤᠷᠢ ᠠᠭᠤᠯᠠ ᠪᠥᠭᠡᠳ ᠴᠢᠩᠭᠢᠰ ᠬᠠᠭᠠᠨ ᠤ ᠲᠦᠮᠡᠨ ᠬᠡᠰᠢᠭᠲᠡᠨ ᠴᠡᠷᠢᠭ ᠪᠠᠢᠢᠷᠢᠯᠠᠵᠤ ᠪᠠᠢᠢᠭᠰᠠᠨ᠂ ᠶᠡᠬᠡ ᠬᠠᠭᠠᠨ ᠤ ᠲᠠᠰᠢᠭᠤᠷ ᠣᠯᠳᠠᠭᠰᠠᠨ ᠭᠠᠵᠠᠷ ᠭᠡᠵᠦ ᠲᠡᠦᠬᠡᠨ ᠳᠥ ᠲᠡᠮᠳᠡᠭᠯᠡᠭᠳᠡᠭᠰᠡᠨ ᠣᠨᠴᠠᠯᠢᠭ ᠲᠠᠢ ᠭᠠᠵᠠᠷ ᠶᠤᠮ᠃