Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠣᠷᠣᠰ ᠤᠨ ᠬᠣᠯᠪᠣᠭᠠᠨ ᠤ ᠤᠯᠤᠰ ᠤᠨ ᠳᠦᠷᠰᠦᠯᠡᠬᠦ ᠤᠷᠠᠯᠢᠭ ᠤᠨ ᠠᠺᠠᠳᠧᠮᠢ ᠢᠢᠨ ᠬᠦᠨᠳᠦᠲᠦ ᠠᠺᠠᠳᠧᠮᠢᠴᠢ ᠪᠣᠯᠤᠯ᠎ᠠ

ᠣᠷᠣᠰ ᠤᠨ ᠬᠣᠯᠪᠣᠭᠠᠨ ᠤ ᠤᠯᠤᠰ ᠤᠨ ᠳᠦᠷᠰᠦᠯᠡᠬᠦ ᠤᠷᠠᠯᠢᠭ ᠤᠨ ᠠᠺᠠᠳᠧᠮᠢ ᠢᠢᠨ ᠲᠡᠷᠢᠭᠦᠯᠡᠭᠴᠢᠳ ᠦᠨ 2021 ᠣᠨ ᠤ ᠳᠥᠷᠪᠡᠳᠦᠭᠡᠷ ᠰᠠᠷ᠎ᠠ ᠢᠢᠨ 06 ᠍ ᠤ ᠡᠳᠦᠷ ᠦᠨ ᠬᠤᠷᠠᠯ ᠢᠶᠠᠷ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬᠠᠯᠲᠠᠮ᠎ᠠ ᠢᠢᠨ ᠪᠠᠲᠤᠲᠤᠯᠭ᠎ᠠ ᠳᠤ ᠲᠤᠰ ᠠᠺᠠᠳᠧᠮᠢ ᠢᠢᠨ ᠬᠦᠨᠳᠦᠲᠦ ᠠᠺᠠᠳᠧᠮᠢᠴᠢ ᠴᠣᠯᠠ ᠢᠢ ᠣᠯᠭᠤᠬᠤ ᠰᠢᠢᠳᠪᠦᠷᠢ ᠢᠢ ᠭᠠᠷᠭᠠᠭᠰᠠᠨ ᠪᠠᠢᠢᠨ᠎ᠠ᠃

ᠡᠨᠡ ᠰᠢᠢᠳᠪᠦᠷᠢ ᠢᠢᠨ ᠳᠠᠭᠠᠭᠤ ᠣᠷᠣᠰ ᠤᠨ ᠬᠣᠯᠪᠣᠭᠠᠨ ᠤ ᠤᠯᠤᠰ ᠠᠴᠠ ᠮᠣᠩ᠋ᠭᠣᠯ ᠤᠯᠤᠰ ᠲᠤ ᠰᠠᠭᠤᠭ᠎ᠠ ᠣᠨᠴᠠ ᠪᠥᠭᠡᠳ ᠪᠦᠷᠢᠨ ᠡᠷᠬᠡᠲᠦ ᠡᠯᠴᠢᠨ ᠰᠠᠢᠢᠳ ᠢ᠊ ∙ ᠺ ∙ ᠠᠽᠢᠽᠣᠸ ᠥᠨᠥᠳᠥᠷ ᠳᠦᠷᠰᠦᠯᠡᠬᠦ ᠤᠷᠠᠯᠢᠭ ᠤᠨ ᠠᠺᠠᠳᠧᠮᠢ ᠢᠢᠨ ᠬᠦᠨᠳᠦᠲᠦ ᠠᠺᠠᠳᠧᠮᠢᠴᠢ ᠢᠢᠨ ᠡᠷᠭᠦᠮᠵᠢᠯᠡᠯ᠂ ᠠᠯᠲᠠᠨ ᠲᠡᠮᠳᠡᠭ ᠢ ᠮᠣᠩ᠋ᠭᠣᠯ ᠤᠯᠤᠰ ᠤᠨ ᠶᠡᠷᠦᠩᠬᠡᠢᠢᠯᠡᠭᠴᠢ ᠬᠠᠯᠲᠠᠮ᠎ᠠ ᠢᠢᠨ ᠪᠠᠲᠤᠲᠤᠯᠭ᠎ᠠ ᠳᠤ ᠭᠠᠷᠳᠠᠭᠤᠯᠤᠯ᠎ᠠ᠃

ᠣᠨᠴᠠ ᠪᠥᠭᠡᠳ ᠪᠥᠷᠢᠨ ᠡᠷᠬᠡᠲᠦ ᠡᠯᠴᠢᠨ ᠰᠠᠢᠢᠳ ᠢ᠊ ∙ ᠺ ∙ ᠠᠽᠢᠽᠣᠸ ᠡᠷᠭᠦᠮᠵᠢᠯᠡᠯ ᠢ ᠭᠠᠷᠳᠠᠭᠤᠯᠤᠨ ᠥᠭ᠍ᠬᠦ ᠳᠥ ᠪᠡᠨ᠂ ᠬᠣᠶᠠᠷ ᠤᠯᠤᠰ ᠤᠨ ᠬᠦᠮᠦᠨᠯᠢᠭ ᠦᠨ ᠬᠠᠷᠢᠯᠴᠠᠭ᠎ᠠ᠂ ᠳᠦᠷᠰᠦᠯᠡᠬᠦ ᠤᠷᠠᠯᠢᠭ ᠤᠨ ᠰᠠᠯᠪᠤᠷᠢ ᠢᠢᠨ ᠬᠠᠮᠲᠤ ᠢᠢᠨ ᠠᠵᠢᠯᠯᠠᠭ᠎ᠠ ᠢᠢ ᠥᠷᠭᠡᠵᠢᠭᠦᠯᠦᠨ ᠬᠥᠭ᠍ᠵᠢᠭᠦᠯᠬᠦ ᠳᠦ ᠮᠣᠩ᠋ᠭᠣᠯ ᠤᠯᠤᠰ ᠤᠨ ᠶᠡᠷᠦᠩᠬᠡᠢᠢᠯᠡᠭᠴᠢ ᠥᠨᠳᠦᠷ ᠬᠤᠪᠢ ᠨᠡᠮᠡᠷᠢ ᠣᠷᠣᠭᠤᠯᠤᠭᠰᠠᠨ ᠭᠡᠳᠡᠭ ᠢ ᠣᠨᠴᠠᠯᠠᠵᠤ ᠪᠠᠢᠢᠪᠠ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬᠠᠯᠲᠠᠮ᠎ᠠ ᠢᠢᠨ ᠪᠠᠲᠤᠲᠤᠯᠭ᠎ᠠ ᠬᠡᠯᠡᠬᠦ ᠳᠥ ᠪᠡᠨ᠂ ᠢᠷᠡᠵᠦ ᠶᠠᠪᠤᠭ᠎ᠠ ᠴᠠᠭ ᠤᠨ ᠮᠠᠢᠢᠳᠠᠷᠢ ᠪᠤᠷᠬᠠᠨ ᠤ ᠪᠣᠰᠤᠭ᠎ᠠ ᠳᠦᠷᠢ ᠢᠢ ᠪᠣᠰᠬᠠᠬᠤ 《ᠶᠡᠬᠡ ᠮᠠᠢᠢᠳᠠᠷᠢ》 ᠲᠥᠰᠥᠯ᠂ ᠤᠯᠠᠭᠠᠨᠪᠠᠭᠠᠲᠤᠷ ᠬᠣᠲᠠ ᠠᠴᠠ 53 ᠺᠢᠯᠣᠮᠧᠲ᠋ᠷ ᠵᠠᠢ ᠳᠤ ᠪᠠᠢᠢᠷᠢᠯᠠᠬᠤ ᠴᠢᠩᠭᠢᠰ ᠬᠠᠭᠠᠨ ᠤ ᠮᠣᠷᠢᠲᠤ ᠬᠥᠰᠢᠶ᠎ᠡ ᠪᠣᠯᠤᠨ ᠪᠤᠰᠤᠳ ᠲᠣᠮᠣᠬᠠᠨ ᠪᠦᠲᠦᠭᠡᠨ ᠪᠠᠢᠢᠭᠤᠯᠤᠯᠲᠠ ᠢᠢᠨ ᠲᠥᠰᠥᠯ ᠢ ᠬᠡᠷᠡᠭᠵᠢᠭᠦᠯᠬᠦ ᠳᠦ ᠤᠷᠠᠨ ᠪᠦᠲᠦᠭᠡᠯᠴᠢ ᠢᠢᠨ ᠢᠶᠡᠨ ᠬᠤᠪᠢ ᠪᠠᠷ ᠣᠷᠣᠭᠤᠯᠤᠭᠰᠠᠨ ᠬᠤᠪᠢ ᠨᠡᠮᠡᠷᠢ ᠢᠢ ᠦᠨᠡᠯᠡᠵᠦ᠂ ᠡᠨᠡᠬᠦ ᠨᠡᠷ᠎ᠡ ᠬᠦᠨᠳᠦᠲᠡᠢ ᠴᠣᠯᠠ ᠢᠢ ᠮᠡᠷᠭᠡᠵᠢᠯ ᠦᠨ ᠬᠢ ᠨᠢ ᠬᠤᠪᠢ ᠳᠤ ᠣᠯᠭᠤᠵᠤ ᠪᠠᠢᠢᠭ᠎ᠠ ᠳᠤ ᠲᠠᠯᠠᠷᠬᠠᠯ ᠢᠯᠡᠷᠬᠡᠢᠢᠯᠡᠪᠡ᠃

ᠡᠳᠦᠭᠡ 263 ᠵᠢᠯ ᠦᠨ ᠲᠡᠦᠬᠡ ᠲᠡᠢ ᠣᠷᠣᠰ ᠤᠨ ᠬᠣᠯᠪᠣᠭᠠᠨ ᠤ ᠤᠯᠤᠰ ᠤᠨ ᠳᠦᠷᠰᠦᠯᠡᠬᠦ ᠤᠷᠠᠯᠢᠭ ᠤᠨ ᠠᠺᠠᠳᠧᠮᠢ ᠨᠢ ᠳᠡᠯᠡᠬᠡᠢ ᠢᠢᠨ ᠤᠤᠭᠠᠨ ᠠᠺᠠᠳᠧᠮᠢ ᠨᠤᠭᠤᠳ ᠤᠨ ᠨᠢᠭᠡ ᠪᠥᠭᠡᠳ ᠲᠤᠰ ᠠᠺᠠᠳᠧᠮᠢ ᠢᠢᠨ ᠶᠡᠷᠦᠩᠬᠡᠢᠢᠯᠡᠭᠴᠢ ᠪᠡᠷ ᠣᠷᠣᠰ ᠤᠨ ᠬᠣᠯᠪᠣᠭᠠᠨ ᠤ ᠤᠯᠤᠰ ᠤᠨ ᠬᠥᠳᠡᠯᠮᠦᠷᠢ ᠢᠢᠨ ᠪᠠᠭᠠᠲᠤᠷ᠂ ᠲᠥᠷᠥ ᠢᠢᠨ ᠱᠠᠩᠨᠠᠯᠲᠤ᠂ ᠠᠷᠠᠳ ᠤᠨ ᠵᠢᠷᠤᠭᠠᠴᠢ᠂ ᠯᠧᠨᠢᠨ ᠦ ᠣᠳᠣᠨᠳᠤ ᠽ ∙ ᠺ ∙ ᠼᠧᠷᠧᠲ᠋ᠧᠯᠢ ᠠᠵᠢᠯᠯᠠᠵᠤ ᠪᠠᠢᠢᠨ᠎ᠠ᠃