Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬ ∙ ᠪᠠᠲᠤᠲᠤᠯᠭ᠎ᠠ ᠨᠣᠶᠠᠨ ᠠᠭᠤᠯᠠ ᠢᠢ ᠲᠥᠷᠥ ᠢᠢᠨ ᠲᠠᠬᠢᠯᠭ᠎ᠠ ᠲᠠᠢ ᠪᠣᠯᠭᠠᠬᠤ ᠲᠤᠬᠠᠢ ᠵᠠᠷᠯᠢᠭ ᠭᠠᠷᠭᠠᠯ᠎ᠠ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬᠠᠯᠲᠠᠮ᠎ᠠ ᠢᠢᠨ ᠪᠠᠲᠤᠲᠤᠯᠭ᠎ᠠ ᠰᠡᠯᠡᠩᠭᠡ ᠠᠢᠢᠮᠠᠭ ᠤᠨ ᠮᠠᠨᠳᠤᠯ᠂ ᠲᠥᠪ ᠠᠢᠢᠮᠠᠭ ᠤᠨ ᠪᠣᠷᠣᠨᠠᠭᠤᠷ᠂ ᠪᠠᠲᠤᠰᠦ᠋ᠮᠪᠦᠷ ᠰᠤᠮᠤ ᠢᠢᠨ ᠨᠤᠲᠤᠭ ᠳᠡᠪᠢᠰᠬᠡᠷ ᠲᠥ ᠪᠠᠢᠢᠷᠢᠯᠠᠬᠤ ᠨᠣᠶᠠᠨ ᠠᠭᠤᠯᠠ ᠢᠢ ᠲᠥᠷᠥ ᠢᠢᠨ ᠲᠠᠬᠢᠯᠭ᠎ᠠ ᠲᠠᠢ ᠪᠣᠯᠭᠠᠬᠤ ᠲᠤᠬᠠᠢ 81  ᠳᠦᠭᠡᠷ ᠵᠠᠷᠯᠢᠭ ᠢ ᠭᠠᠷᠭᠠᠯ᠎ᠠ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ 2021 ᠣᠨ ᠤ 81  ᠳᠦᠭᠡᠷ ᠵᠠᠷᠯᠢᠭ ᠲᠤ᠄
《ᠮᠣᠩ᠋ᠭᠣᠯᠴᠤᠳ ᠤᠨ ᠡᠪᠦᠭᠡ ᠾᠢᠦᠩᠨᠦ ᠳᠡᠭᠡᠳᠦᠰ ᠦᠨ ᠠᠯᠲᠠᠨ ᠱᠠᠷᠢᠯ᠂ ᠮᠥᠷ ᠤᠯᠪᠠᠭ᠎ᠠ ᠢᠢ ᠬᠡᠪᠡᠯᠢ ᠳᠥ ᠪᠡᠨ ᠬᠠᠳᠠᠭᠠᠯᠠᠭᠰᠠᠨ ᠥᠯᠥᠭᠡᠢ ᠳᠠᠭᠰᠢᠨ ᠨᠤᠲᠤᠭ᠂ ᠡᠬᠡ ᠲᠡᠦᠬᠡ ᠢᠢᠨ ᠭᠣᠯᠣᠮᠲᠠ ᠪᠣᠯᠤᠭᠰᠠᠨ ᠥᠨᠢ ᠡᠷᠲᠡᠨ ᠦ ᠲᠠᠬᠢᠯᠭᠠᠳᠤ ᠬᠠᠢᠢᠷᠬᠠᠨ ᠨᠣᠶᠠᠨ ᠠᠭᠤᠯᠠ ᠢᠢ ᠳᠡᠭᠡᠳᠦᠯᠡᠨ ᠰᠢᠲᠦᠬᠦ᠂ ᠲᠤᠯᠭᠤᠷ ᠲᠥᠷᠥ ᠢᠢᠨ ᠲᠡᠦᠬᠡ ᠱᠠᠰᠲᠢᠷ᠂ ᠥᠪ ᠰᠤᠶᠤᠯ ᠢ ᠬᠠᠢᠢᠷᠠᠯᠠᠨ ᠬᠠᠮᠠᠭᠠᠯᠠᠬᠤ᠂ ᠦᠨᠳᠦᠰᠦᠨ ᠦ ᠦᠵᠡᠯ ᠳᠠᠷᠬᠠᠯᠠᠭ᠎ᠠ᠂ ᠤᠬᠠᠮᠰᠠᠷ ᠪᠠᠬᠠᠷᠬᠠᠯ ᠢ ᠳᠡᠪᠵᠢᠭᠡᠨ ᠳᠡᠯᠭᠡᠷᠡᠭᠦᠯᠬᠦ ᠵᠣᠷᠢᠯᠭ᠎ᠠ ᠪᠠᠷ ᠢᠷᠭᠡᠳ᠂ ᠣᠯᠠᠨ ᠨᠡᠢᠢᠲᠡ᠂ ᠢᠷᠭᠡᠨ ᠦ ᠨᠡᠢᠢᠭᠡᠮ ᠤᠨ ᠪᠠᠢᠢᠭᠤᠯᠤᠯᠭ᠎ᠠ᠂ ᠡᠷᠳᠡᠮᠲᠡᠨ ᠰᠤᠳᠤᠯᠤᠭᠠᠴᠢᠳ ᠠᠴᠠ ᠭᠠᠷᠭᠠᠵᠤ ᠪᠤᠢ ᠰᠠᠨᠠᠯ ᠢ ᠳᠡᠮᠵᠢᠵᠦ᠂ ᠮᠣᠩ᠋ᠭᠣᠯ ᠲᠦᠮᠡᠨ ᠦ ᠦᠶ᠎ᠡ ᠢᠢᠨ ᠦᠶ᠎ᠡ ᠳᠥ ᠤᠯᠠᠷᠢᠭᠠᠨ ᠬᠠᠳᠠᠭᠠᠯᠠᠭᠰᠠᠭᠠᠷ ᠢᠷᠡᠭᠰᠡᠨ ᠵᠠᠩᠰᠢᠯ ᠰᠤᠶᠤᠯ᠂ ᠤᠷᠢᠳᠤ ᠢᠢᠨ ᠵᠢᠷᠤᠮ ᠢ ᠪᠠᠷᠢᠮᠲᠠᠯᠠᠨ᠂ ᠲᠥᠷᠥᠳᠥ ᠶᠣᠰᠣ᠂ ᠲᠡᠦᠬᠡᠨ ᠤᠯᠠᠮᠵᠢᠯᠠᠯ ᠢ ᠬᠦᠨᠳᠦᠳᠭᠡᠵᠦ᠂

ᠮᠣᠩ᠋ᠭᠣᠯ ᠤᠯᠤᠰ ᠤᠨ ᠦᠨᠳᠦᠰᠦᠨ ᠬᠠᠤᠯᠢ ᠢᠢᠨ ᠭᠤᠴᠢᠨ ᠳᠥᠷᠪᠡᠳᠦᠭᠡᠷ ᠵᠦᠢᠯ ᠦᠨ 1᠂ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠲᠤᠬᠠᠢ ᠬᠠᠤᠯᠢ ᠢᠢᠨ 9  ᠳᠦᠭᠡᠷ ᠵᠦᠢᠯ ᠦᠨ 1 ᠳ᠋ᠡᠬᠢ ᠬᠡᠰᠡᠭ᠂ ᠰᠤᠶᠤᠯ ᠤᠨ ᠥᠪ ᠢ ᠬᠠᠮᠠᠭᠠᠯᠠᠬᠤ ᠲᠤᠬᠠᠢ ᠬᠠᠤᠯᠢ ᠢᠢᠨ 11  ᠳᠦᠭᠡᠷ ᠵᠦᠢᠯ ᠦᠨ 11.1.1᠂ 11.1.3  ᠳᠠᠬᠢ ᠵᠢᠭᠠᠯᠲᠠ ᠢᠢ ᠲᠤᠰ ᠲᠤᠰ ᠦᠨᠳᠦᠰᠦᠯᠡᠨ ᠵᠠᠷᠯᠢᠭ ᠪᠣᠯᠭᠠᠬᠤ ᠨᠢ᠄

1᠂ ᠮᠣᠩ᠋ᠭᠣᠯ  ᠤᠨ ᠲᠤᠯᠭᠤᠷ ᠲᠥᠷᠥ ᠾᠢᠦᠩᠨᠦ ᠭᠦᠷᠦᠨ ᠪᠠᠢᠢᠭᠤᠯᠤᠭᠳᠠᠰᠤᠨ ᠤ 2230 ᠵᠢᠯ ᠦᠨ ᠣᠢ ᠢᠢ ᠲᠣᠬᠢᠶᠠᠯᠳᠤᠭᠤᠯᠤᠨ ᠰᠡᠯᠡᠩᠭᠡ ᠠᠢᠢᠮᠠᠭ ᠤᠨ ᠮᠠᠨᠳᠤᠯ᠂ ᠲᠥᠪ ᠠᠢᠢᠮᠠᠭ ᠤᠨ ᠪᠣᠷᠣᠨᠠᠭᠤᠷ᠂ ᠪᠠᠲᠤᠰᠦ᠋ᠮᠪᠦᠷ ᠰᠤᠮᠤ ᠢᠢᠨ ᠨᠤᠲᠤᠭ ᠳᠡᠪᠢᠰᠬᠡᠷ ᠲᠥ ᠪᠠᠢᠢᠷᠢᠯᠠᠬᠤ ᠨᠣᠶᠠᠨ ᠠᠭᠤᠯᠠ ᠢᠢ ᠲᠥᠷᠥ ᠢᠢᠨ ᠲᠠᠬᠢᠯᠭ᠎ᠠ ᠲᠠᠢ ᠪᠣᠯᠭᠠᠰᠤᠭᠠᠢ᠃
2᠂ ᠮᠣᠩ᠋ᠭᠣᠯ  ᠤᠨ ᠲᠤᠯᠭᠤᠷ ᠲᠥᠷᠥ᠂ ᠾᠢᠦᠩᠨᠦ ᠳᠡᠭᠡᠳᠦᠰ ᠦᠨ ᠲᠡᠦᠬᠡ ᠴᠠᠳᠢᠭ᠂ ᠥᠪ ᠰᠤᠶᠤᠯ ᠢ ᠰᠤᠳᠤᠯᠵᠤ ᠲᠣᠭᠲᠠᠭᠠᠬᠤ᠂ ᠬᠠᠳᠠᠭᠠᠯᠠᠵᠤ ᠬᠠᠮᠠᠭᠠᠯᠠᠬᠤ᠂ ᠰᠤᠷᠲᠠᠯᠴᠢᠯᠠᠨ ᠲᠠᠨᠢᠭᠤᠯᠬᠤ ᠠᠵᠢᠯ ᠢ ᠭᠦᠨᠵᠡᠭᠡᠢᠢᠷᠡᠭᠦᠯᠬᠦ᠂ ᠥᠷᠭᠡᠵᠢᠭᠦᠯᠬᠦ ᠢᠢ ᠲᠥᠷᠥ ᠢᠢᠨ ᠪᠠ ᠲᠥᠷᠥ ᠢᠢᠨ ᠪᠤᠰᠤ᠂ ᠡᠷᠳᠡᠮ ᠰᠢᠨᠵᠢᠯᠡᠭᠡᠨ ᠦ ᠪᠣᠯᠤᠨ ᠲᠡᠦᠬᠡ ᠰᠤᠶᠤᠯ ᠤᠨ ᠪᠠᠢᠢᠭᠤᠯᠤᠯᠭ᠎ᠠ ᠨᠤᠭᠤᠳ᠂ ᠠᠷᠠᠳ ᠢᠷᠭᠡᠳ ᠲᠥ ᠤᠷᠢᠶᠠᠯᠠᠰᠤᠭᠠᠢ》 ᠭᠡᠵᠡᠢ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠳᠡᠭᠡᠷᠡᠬᠢ ᠵᠠᠷᠯᠢᠭ ᠢ ᠲᠥᠷᠥ ᠢᠢᠨ ᠵᠠᠷᠢᠮ ᠪᠠᠢᠢᠭᠤᠯᠤᠯᠭ᠎ᠠ ᠳᠤ ᠭᠠᠷᠳᠠᠭᠤᠯᠬᠤ ᠶᠣᠰᠣᠯᠠᠯ ᠤᠨ ᠠᠵᠢᠯᠯᠠᠭ᠎ᠠ ᠥᠨᠥᠳᠥᠷ ᠲᠥᠷᠥ ᠢᠢᠨ ᠶᠣᠰᠣᠯᠠᠯ᠂ ᠬᠦᠨᠳᠦᠳᠬᠡᠯ ᠦᠨ ᠶᠡᠬᠡ ᠲᠠᠩᠬᠢᠮ ᠳᠤ ᠪᠣᠯᠤᠯ᠎ᠠ᠃

ᠶᠣᠰᠣᠯᠠᠯ ᠳᠤ ᠰᠡᠯᠡᠩᠭᠡ ᠠᠢᠢᠮᠠᠭ ᠤᠨ ᠵᠠᠰᠠᠭ ᠳᠠᠷᠤᠭ᠎ᠠ ᠱ ∙ ᠣᠷᠭᠢᠯ᠂ ᠲᠥᠪ ᠠᠢᠢᠮᠠᠭ ᠤᠨ ᠢᠷᠭᠡᠳ ᠦᠨ ᠲᠥᠯᠥᠭᠡᠯᠡᠭᠴᠢᠳ ᠦᠨ ᠬᠤᠷᠠᠯ ᠤᠨ ᠳᠠᠷᠤᠭ᠎ᠠ ᠴ ∙ ᠵᠠᠮᠪᠠᠯᠰᠦ᠋ᠷᠦᠩ᠂ ᠪᠠᠢᠢᠭᠠᠯᠢ ᠣᠷᠴᠢᠨ᠂ ᠠᠶᠠᠯᠠᠯ ᠵᠢᠭᠤᠯᠴᠢᠯᠠᠯ ᠤᠨ ᠶᠠᠮᠤᠨ ᠤ ᠲᠥᠷᠥ ᠢᠢᠨ ᠨᠠᠷᠢᠨ ᠪᠢᠴᠢᠭ᠌ ᠦᠨ ᠳᠠᠷᠤᠭ᠎ᠠ ᠲ ∙ ᠭᠠᠩᠪᠣᠯᠣᠳ᠂ ᠰᠢᠨᠵᠢᠯᠡᠬᠦ ᠤᠬᠠᠭᠠᠨ ᠤ ᠠᠺᠠᠳᠧᠮᠢ ᠢᠢᠨ ᠶᠡᠷᠦᠩᠬᠡᠢᠢᠯᠡᠭᠴᠢ ᠲ ∙ ᠷᠢᠭᠳᠡᠯ᠂ ᠰᠤᠶᠤᠯ ᠤᠨ ᠶᠠᠮᠤᠨ ᠤ ᠰᠤᠶᠤᠯ ᠤᠨ ᠥᠪ ᠦᠨ ᠭᠠᠵᠠᠷ ᠤᠨ ᠳᠠᠷᠤᠭ᠎ᠠ ᠪ ∙ ᠳᠠᠸᠠᠴᠡᠷᠢᠩ ᠨᠠᠷ ᠣᠷᠣᠯᠴᠠᠵᠤ᠂ ᠵᠠᠷᠯᠢᠭ ᠤᠨ ᠬᠤᠪᠢ ᠢᠢ ᠮᠣᠩ᠋ᠭᠣᠯ ᠤᠯᠤᠰ ᠤᠨ ᠶᠡᠷᠦᠩᠬᠡᠢᠢᠯᠡᠭᠴᠢ ᠡᠴᠡ ᠭᠠᠷᠳᠠᠨ ᠠᠪᠤᠯ᠎ᠠ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠬᠠᠯᠲᠠᠮ᠎ᠠ ᠢᠢᠨ ᠪᠠᠲᠤᠲᠤᠯᠭ᠎ᠠ ᠵᠠᠷᠯᠢᠭ ᠭᠠᠷᠳᠠᠭᠤᠯᠭᠰᠠᠨ ᠤ ᠳᠠᠷᠠᠭ᠎ᠠ᠄
《ᠮᠣᠩ᠋ᠭᠣᠯᠴᠤᠳ ᠠ᠋᠂
ᠲᠡᠦᠬᠡ᠂ ᠰᠤᠶᠤᠯ ᠤᠨ ᠥᠪ᠂ ᠪᠠᠢᠢᠭᠠᠯᠢ ᠣᠷᠴᠢᠨ ᠢ ᠬᠠᠮᠠᠭᠠᠯᠠᠬᠤ ᠡᠭᠦᠷᠭᠡ ᠪᠦᠬᠦᠢ ᠲᠥᠷᠥ ᠢᠢᠨ ᠠᠯᠪᠠᠨ ᠬᠠᠭᠠᠭᠴᠢᠳ᠂ ᠠᠯᠪᠠᠨ ᠲᠤᠰᠢᠶᠠᠯᠲᠠᠨ ᠨᠤᠭᠤᠳ ᠠ᠋᠂

ᠮᠢᠨᠦ ᠪᠡᠶ᠎ᠡ ᠬᠠᠤᠯᠢ ᠪᠠᠷ ᠣᠯᠭᠣᠭᠳᠠᠭᠰᠠᠨ ᠡᠷᠬᠡ᠂ ᠡᠭᠦᠷᠭᠡ ᠢᠢᠨ ᠢᠶᠡᠨ ᠳᠠᠭᠠᠭᠤ ᠾᠢᠦᠩᠨᠦ ᠭᠦᠷᠦᠨ ᠪᠠᠢᠢᠭᠤᠯᠤᠭᠳᠠᠰᠤᠨ ᠤ 2230 ᠵᠢᠯ ᠦᠨ ᠣᠢ ᠢᠢ ᠲᠣᠬᠢᠶᠠᠯᠳᠤᠭᠤᠯᠤᠨ ᠰᠡᠯᠡᠩᠭᠡ ᠠᠢᠢᠮᠠᠭ ᠤᠨ ᠮᠠᠨᠳᠤᠯ᠂ ᠲᠥᠪ ᠠᠢᠢᠮᠠᠭ ᠤᠨ ᠪᠣᠷᠣᠨᠠᠭᠤᠷ᠂ ᠪᠠᠲᠤᠰᠦ᠋ᠮᠪᠦᠷ ᠰᠤᠮᠤ ᠢᠢᠨ ᠨᠤᠲᠤᠭ ᠳᠡᠪᠢᠰᠬᠡᠷ ᠲᠥ ᠤᠷᠤᠰᠢᠬᠤ ᠨᠣᠶᠠᠨ ᠠᠭᠤᠯᠠ ᠢᠢ ᠲᠥᠷᠥ ᠢᠢᠨ ᠲᠠᠬᠢᠯᠭ᠎ᠠ ᠲᠠᠢ ᠪᠣᠯᠭᠠᠬᠤ ᠵᠠᠷᠯᠢᠭ ᠪᠠᠭᠤᠯᠭᠠᠯ᠎ᠠ᠃ ᠬᠦᠯᠢᠶᠡᠨ ᠠᠪᠤᠭᠲᠤᠨ!

ᠨᠣᠶᠠᠨ ᠠᠭᠤᠯᠠ ᠪᠣᠯ ᠮᠣᠩ᠋ᠭᠣᠯᠴᠤᠳ ᠤᠨ ᠡᠪᠦᠭᠡ ᠾᠢᠦᠩᠨᠦ ᠳᠡᠭᠡᠳᠦᠰ ᠦᠨ ᠠᠯᠲᠠᠨ ᠱᠠᠷᠢᠯ᠂ ᠮᠥᠷ ᠤᠯᠪᠠᠭ᠎ᠠ᠂ ᠲᠥᠷᠥ ᠳᠥ ᠶᠣᠰᠣᠨ ᠤ 2200 ᠵᠢᠯ ᠦᠨ ᠲᠡᠦᠬᠡᠨ ᠪᠠᠷᠢᠮᠲᠠ ᠢᠢ ᠬᠡᠪᠡᠯᠢ ᠳᠥ ᠪᠡᠨ ᠬᠠᠳᠠᠭᠠᠯᠠᠭᠰᠠᠨ ᠥᠯᠥᠭᠡᠢ ᠳᠠᠭᠰᠢᠨ ᠨᠤᠲᠤᠭ᠂ ᠡᠬᠡ ᠲᠡᠦᠬᠡ ᠢᠢᠨ ᠭᠣᠯᠣᠮᠲᠠ ᠪᠣᠯᠤᠭᠰᠠᠨ ᠥᠨᠢ ᠡᠷᠲᠡᠨ ᠦ ᠲᠠᠬᠢᠯᠭ᠎ᠠ ᠳᠤ ᠬᠠᠢᠢᠷᠬᠠᠨ ᠪᠢᠯᠡ᠃

ᠪᠢᠳᠡᠨ ᠦ ᠡᠪᠦᠭᠡ ᠳᠡᠭᠡᠳᠦᠰ ᠾᠢᠦᠩᠨᠦ ᠭᠦᠷᠦᠨ ᠦ ᠥᠪ ᠰᠤᠶᠤᠯ ᠢ ᠬᠠᠳᠠᠭᠠᠯᠠᠭᠰᠠᠨ ᠨᠣᠶᠠᠨ ᠠᠭᠤᠯᠠᠨ ᠳᠤ ᠤᠷᠤᠰᠢᠬᠤ ᠪᠤᠯᠠᠰᠢ ᠢᠢ 1912 ᠣᠨ ᠳᠤ 《ᠮᠣᠩ᠋ᠭᠣᠯ -ᠣᠷ》 ᠨᠡᠢᠢᠭᠡᠮᠯᠢᠭ᠌ ᠦᠨ ᠲᠧᠭᠨᠢᠭᠴᠢ ᠠ᠊ ∙ ᠪᠠᠯᠯᠣᠳ᠋ ᠭᠡᠬᠦ ᠬᠦᠮᠦᠨ ᠣᠯᠤᠭᠰᠠᠨ ᠢ ᠰᠤᠳᠤᠯᠬᠤ ᠪᠠᠷ 1924 ᠣᠨ ᠳᠤ ᠣᠷᠣᠰ ᠤᠨ ᠰᠤᠳᠤᠯᠤᠭᠠᠴᠢ ᠫ ∙ ᠺ ∙ ᠺᠣᠽᠣᠯᠣᠸ ᠤᠨ ᠤᠳᠤᠷᠢᠳᠤᠭᠰᠠᠨ ᠮᠣᠩ᠋ᠭᠣᠯ ᠂ ᠲᠥᠪᠡᠳ ᠦᠨ ᠭᠠᠵᠠᠷ ᠵᠦᠢ ᠢᠢᠨ ᠰᠢᠨᠵᠢᠯᠡᠭᠡᠨ ᠦ ᠠᠩᠭᠢ ᠢᠷᠡᠵᠦ᠂ ᠨᠣᠶᠠᠨ ᠠᠭᠤᠯᠠᠨ ᠳᠤ ᠾᠢᠦᠩᠨᠦ ᠢᠢᠨ 200 ᠭᠠᠷᠤᠢ ᠪᠤᠯᠠᠰᠢ ᠪᠠᠢᠢᠭ᠎ᠠ ᠢᠢ ᠲᠣᠭᠲᠠᠭᠠᠭᠰᠠᠨ ᠪᠠᠢᠢᠨ᠎ᠠ᠃

ᠨᠣᠶᠠᠨ ᠠᠭᠤᠯᠠ ᠢᠢᠨ ᠪᠠᠷᠠᠭᠤᠨ ᠲᠠᠯ᠎ᠠ ᠢᠢᠨ ᠰᠦᠵᠢᠭᠲᠦ᠂ ᠡᠮᠦᠨᠡᠲᠦ ᠲᠠᠯ᠎ᠠ ᠢᠢᠨ ᠵᠢᠷᠤᠮᠲᠤ᠂ ᠵᠡᠭᠦᠨ ᠲᠠᠯ᠎ᠠ ᠢᠢᠨ ᠬᠤᠵᠢᠷᠲᠤ ᠠᠮᠠᠨ ᠨᠤᠭᠤᠳ ᠲᠤ ᠨᠡᠢᠢᠲᠡ 250 ᠣᠷᠴᠢᠮ ᠪᠤᠯᠠᠰᠢ ᠪᠤᠢ᠃ ᠨᠣᠶᠠᠨ ᠠᠭᠤᠯᠠ ᠢᠢᠨ ᠳᠤᠷᠠᠰᠬᠠᠯ ᠨᠢ ᠳᠠᠷᠠᠭᠠᠬᠢ ᠠᠰᠠᠭᠤᠳᠠᠯ ᠤᠳ ᠲᠤ ᠬᠠᠷᠢᠭᠤ ᠥᠭ᠍ᠭᠦᠭ᠍ᠰᠡᠨ ᠢᠶᠡᠷ ᠢᠶᠡᠨ ᠪᠢᠳᠡᠨ ᠳᠥ ᠣᠨᠴᠤᠭᠤᠢ ᠠᠴᠢ ᠬᠣᠯᠪᠣᠭᠳᠠᠯ ᠲᠠᠢ ᠪᠢᠯᠡ᠃ ᠡᠳᠡᠭᠡᠷ ᠢ ᠳᠤᠷᠠᠳᠪᠠᠯ᠄

  1. ᠾᠢᠦᠩᠨᠦ ᠢᠢᠨ ᠤᠭᠰᠠᠭᠠᠲᠠᠨ ᠤ ᠪᠦᠲᠦᠴᠡ᠂ ᠤᠭᠰᠠᠭ᠎ᠠ ᠭᠠᠷᠪᠠᠯᠢ;
  2. ᠨᠡᠢᠢᠭᠡᠮ ᠤᠨ ᠪᠦᠲᠦᠴᠡ᠂ ᠲᠥᠷᠥ ᠢᠢᠨ ᠵᠣᠬᠢᠶᠠᠨ ᠪᠠᠢᠢᠭᠤᠯᠤᠯᠲᠠ;
  3. ᠾᠢᠦᠩᠨᠦ ᠢᠢᠨ ᠲᠡᠦᠬᠡ ᠢᠢᠨ ᠣᠨ ᠴᠠᠭ᠂ ᠳᠠᠷᠠᠭᠠᠯᠠᠯ;
  4. ᠾᠢᠦᠩᠨᠦ ᠢᠢᠨ ᠠᠮᠢᠳᠤᠷᠠᠯ᠂ ᠠᠵᠤ ᠠᠬᠤᠢ ᠢᠢᠨ ᠬᠡᠪ ᠮᠠᠶᠢᠭ;
  5. ᠾᠢᠦᠩᠨᠦ ᠭᠦᠷᠦᠨ ᠦ ᠭᠠᠵᠠᠷ ᠵᠦᠢ ᠢᠢᠨ ᠪᠠᠢᠢᠷᠢᠯᠠᠯ;
  6. ᠠᠽᠢᠶ᠎ᠠ᠂ ᠧᠦ᠋ᠷᠣᠫᠠ ᠢᠢᠨ ᠤᠯᠤᠰ ᠤᠳ ᠲᠠᠢ ᠲᠣᠭᠲᠠᠭᠠᠭᠰᠠᠨ ᠾᠢᠦᠩᠨᠦ ᠭᠦᠷᠦᠨ ᠦ ᠬᠠᠷᠢᠯᠴᠠᠭ᠎ᠠ ᠵᠡᠷᠭᠡ ᠶᠤᠮ᠃
    ᠥᠨᠥ ᠢᠢ ᠬᠦᠷᠲᠡᠯ᠎ᠡ ᠾᠢᠦᠩᠨᠦ ᠭᠦᠷᠦᠨ ᠳᠥ ᠬᠠᠮᠢᠶᠠᠷᠬᠤ 7᠂000 ᠭᠠᠷᠤᠢ ᠪᠤᠯᠠᠰᠢ ᠣᠯᠠᠳᠠᠭᠰᠠᠨ ᠤ ᠶᠡᠬᠡᠩᠬᠢ ᠨᠢ᠂ ᠭᠣᠣᠯ ᠲᠥᠯᠥᠪ ᠢᠵᠠᠭᠤᠷᠲᠠᠨ ᠶᠡᠬᠡᠰ ᠳᠡᠭᠡᠳᠦᠰ ᠦᠨ ᠪᠤᠯᠠᠰᠢ ᠮᠠᠨ ᠤ ᠤᠯᠤᠰ ᠤᠨ ᠨᠤᠲᠤᠭ ᠳᠡᠪᠢᠰᠬᠡᠷ ᠲᠥ ᠪᠠᠢᠢᠨ᠎ᠠ᠃ ᠡᠨᠡ ᠨᠢ ᠮᠣᠩ᠋ᠭᠣᠯ ᠪᠣᠯ ᠾᠢᠦᠩᠨᠦ ᠭᠦᠷᠦᠨ ᠦ ᠦᠨᠳᠦᠰᠦᠨ ᠨᠤᠲᠤᠭ᠂ ᠵᠠᠰᠠᠭ ᠵᠠᠬᠢᠷᠭᠠᠨ ᠤ ᠲᠥᠪ ᠭᠠᠷᠴᠠᠭ᠎ᠠ ᠦᠭᠡᠢ ᠮᠥᠨ ᠪᠣᠯᠬᠤ ᠢᠢ ᠨᠣᠲᠠᠯᠠᠵᠤ ᠪᠠᠢᠢᠭ᠎ᠠ ᠶᠤᠮ᠃

ᠨᠣᠶᠠᠨ ᠠᠭᠤᠯᠠ ᠢᠢᠨ ᠢᠵᠠᠭᠤᠷᠲᠠᠨ ᠤ ᠪᠤᠯᠠᠰᠢᠨ ᠠᠴᠠ ᠢᠯᠡᠷᠡᠭᠰᠡᠨ ᠬᠦᠮᠦᠨ ᠰᠤᠳᠤᠯᠤᠯ ᠤᠨ ᠬᠡᠷᠡᠭᠯᠡᠭᠳᠡᠬᠦᠨ᠂ ᠮᠠᠯᠠᠭᠠᠢ᠂ ᠳᠡᠪᠡᠯ᠂ ᠬᠤᠪᠴᠠᠰᠤ᠂ ᠣᠷᠣᠰᠢᠭᠤᠯᠭ᠎ᠠ ᠢᠢᠨ ᠵᠠᠩ ᠦᠢᠯᠡ ᠵᠡᠷᠭᠡ ᠨᠢ ᠾᠢᠦᠩᠨᠦ ᠢᠢᠨ ᠵᠠᠯᠭᠠᠮᠵᠢ ᠬᠣᠢᠢᠴᠢ ᠨᠢ ᠮᠣᠩ᠋ᠭᠣᠯᠴᠤᠳ ᠪᠢᠳᠡ ᠴᠤ ᠮᠥᠨ ᠪᠣᠯᠬᠤ ᠢᠢ ᠭᠧᠨᠧᠲ᠋ᠢᠭ ᠤᠨ ᠪᠣᠯᠤᠭᠠᠳ ᠰᠤᠶᠤᠯ ᠤᠨ ᠬᠤᠪᠢ ᠳᠤ ᠪᠠᠲᠤ ᠨᠣᠲᠠᠯᠠᠵᠠᠢ᠃

ᠤᠴᠢᠷ ᠡᠢᠢᠮᠦ ᠳᠥ ᠮᠣᠩ᠋ᠭᠣᠯ ᠪᠢᠳᠡᠨ ᠦ ᠳᠡᠭᠡᠳᠦ ᠢᠵᠠᠭᠤᠷ ᠾᠢᠦᠩᠨᠦ ᠭᠦᠷᠦᠨ ᠦ ᠲᠡᠦᠬᠡ᠂ ᠰᠤᠶᠤᠯ ᠢ ᠠᠭᠤᠯᠠᠭᠰᠠᠨ᠂ ᠪᠠᠢᠢᠭᠠᠯᠢ ᠢᠢᠨ ᠦᠵᠡᠮᠵᠢᠲᠦ ᠲᠣᠭᠲᠠᠴᠠ ᠪᠦᠬᠦᠢ ᠡᠷᠲᠡᠨ ᠦ ᠲᠡᠦᠬᠡᠲᠦ ᠨᠣᠶᠠᠨ ᠠᠭᠤᠯᠠ ᠢᠢ ᠪᠠᠢᠢᠭᠠᠯᠢ᠂ ᠲᠡᠦᠬᠡ ᠢᠢᠨ ᠳᠠᠷᠬᠠᠨ ᠭᠠᠵᠠᠷ ᠬᠡᠮᠡᠨ ᠦᠵᠡᠵᠦ᠂ ᠮᠣᠩ᠋ᠭᠣᠯ ᠲᠦᠮᠡᠨ ᠦ ᠦᠶ᠎ᠡ ᠢᠢᠨ ᠦᠶ᠎ᠡ ᠳᠥ ᠤᠯᠠᠷᠢᠭᠠᠨ ᠬᠠᠳᠠᠭᠠᠯᠠᠭᠰᠠᠭᠠᠷ ᠢᠷᠡᠭᠰᠡᠨ ᠵᠠᠩᠰᠢᠯ ᠰᠤᠶᠤᠯ᠂ ᠤᠷᠢᠳᠤ ᠢᠢᠨ ᠵᠢᠷᠤᠮ ᠢ ᠪᠠᠷᠢᠮᠲᠠᠯᠠᠨ᠂ ᠲᠥᠷᠥ ᠳᠥ ᠶᠣᠰᠣ᠂ ᠲᠡᠦᠬᠡᠨ ᠤᠯᠠᠮᠵᠢᠯᠠᠯ ᠢ ᠬᠦᠨᠳᠦᠳᠭᠡᠵᠦ ᠡᠨᠡᠬᠦ ᠵᠠᠷᠯᠢᠭ ᠢ ᠭᠠᠷᠭᠠᠯ᠎ᠠ᠃ ᠲᠠᠬᠢᠯᠭ᠎ᠠ ᠨᠢ ᠵᠠᠩ ᠦᠢᠯᠡ ᠲᠡᠳᠦᠢ ᠵᠦᠢᠯ ᠪᠢᠰᠢ ᠶᠤᠮ᠃ ᠡᠨᠡ ᠪᠣᠯ ᠪᠠᠢᠢᠭᠠᠯᠢ᠂ ᠰᠤᠶᠤᠯ᠂ ᠡᠬᠡ ᠲᠡᠦᠬᠡ ᠪᠡᠨ ᠬᠠᠢᠢᠷᠠᠯᠠᠬᠤ᠂ ᠬᠦᠨᠳᠦᠳᠭᠡᠬᠦ᠂ ᠬᠠᠮᠠᠭᠠᠯᠠᠬᠤ ᠢᠢ ᠦᠶ᠎ᠡ ᠢᠢᠨ ᠦᠶ᠎ᠡ ᠳᠥ ᠰᠠᠨᠠᠭᠤᠯᠵᠤ᠂ ᠲᠥᠷᠥ ᠢᠢᠨ ᠰᠠᠨᠠᠬᠤ ᠣᠢ᠂ ᠪᠣᠳᠣᠯᠭ᠎ᠠ ᠪᠣᠯᠭᠠᠨ ᠬᠣᠢᠢᠴᠢ ᠦᠶ᠎ᠡ ᠳᠥ ᠳᠠᠮᠵᠢᠭᠤᠯᠵᠤ ᠪᠠᠢᠢᠳᠠᠭ ᠴᠣᠭᠴᠠ ᠦᠢᠯᠡ ᠠᠵᠢᠯᠯᠠᠭ᠎ᠠ ᠶᠤᠮ᠃ ᠡᠷᠲᠡᠨ ᠦ ᠡᠨᠡ ᠰᠠᠢᠢᠬᠠᠨ ᠤᠯᠠᠮᠵᠢᠯᠠᠯ ᠤᠨ ᠳᠠᠭᠠᠭᠤ ᠨᠣᠶᠠᠨ ᠠᠭᠤᠯᠠ ᠢᠢ ᠲᠥᠷᠥ ᠢᠢᠨ ᠲᠠᠬᠢᠯᠭ᠎ᠠ ᠲᠠᠢ ᠪᠣᠯᠭᠠᠵᠤ ᠪᠠᠢᠢᠨ᠎ᠠ᠃

ᠲᠥᠷᠥ ᠢᠢᠨ ᠠᠯᠪᠠᠨ ᠲᠤᠰᠢᠶᠠᠯᠲᠠᠨ᠂ ᠡᠭᠦᠷᠭᠡᠲᠡᠨ ᠨᠦᠭᠦᠳ ᠡ᠂
ᠠᠷᠠᠳ ᠢᠷᠭᠡᠳ ᠡ᠂

ᠪᠢᠳᠡᠨ ᠦ ᠲᠡᠦᠬᠡ ᠰᠤᠶᠤᠯ ᠪᠣᠯ ᠮᠣᠩ᠋ᠭᠣᠯᠴᠤᠳ ᠤᠨ ᠤᠭ ᠢᠵᠠᠭᠤᠷ᠂ ᠮᠥᠨ ᠴᠢᠨᠠᠷ᠂ ᠢᠵᠢᠯᠢᠰᠦᠯ ᠪᠣᠯᠤᠨ ᠢᠯᠭᠠᠭ᠎ᠠ ᠢᠢ ᠢᠯᠡᠳᠭᠡᠬᠦ᠂ ᠬᠦᠨᠳᠦᠯᠡᠯ ᠪᠠᠬᠠᠷᠬᠠᠯ ᠤᠨ ᠦᠨᠳᠦᠰᠦ ᠰᠠᠭᠤᠷᠢ ᠶᠤᠮ᠃ ᠰᠤᠶᠤᠯ ᠲᠡᠦᠬᠡ ᠢᠢᠨ ᠠᠭᠤᠤ ᠶᠡᠬᠡ ᠭᠡᠷᠡᠴᠢ᠂ ᠨᠣᠲᠠᠯᠠᠭ᠎ᠠ ᠢᠢ ᠬᠠᠳᠠᠭᠠᠯᠠᠵᠤ᠂ ᠠᠭᠤᠯᠵᠤ ᠢᠷᠡᠭᠰᠡᠨ ᠨᠣᠶᠠᠨ ᠠᠭᠤᠯᠠ ᠢᠢ ᠬᠠᠮᠠᠭᠠᠯᠠᠬᠤ ᠨᠢ ᠢᠷᠭᠡᠨ ᠪᠦᠷᠢ ᠢᠢᠨ᠂ ᠮᠣᠩ᠋ᠭᠣᠯ ᠬᠦᠮᠦᠨ ᠪᠦᠷᠢ ᠢᠢᠨ ᠡᠭᠦᠷᠭᠡ ᠬᠠᠷᠢᠭᠤᠴᠠᠯᠭ᠎ᠠ ᠪᠣᠯᠬᠤ ᠢᠢ ᠤᠬᠠᠭᠠᠷᠠᠵᠤ᠂ ᠬᠦᠯᠢᠶᠡᠨ ᠠᠪᠤᠭᠲᠤᠨ᠃

ᠮᠥᠩᠬᠡ ᠲᠩᠷᠢ ᠢᠢᠨ ᠬᠦᠴᠦᠨ  ᠳᠣᠷ ᠢᠵᠠᠭᠤᠷ ᠳᠡᠭᠡᠳᠦᠰ ᠦᠨ ᠰᠦᠯᠳᠡ ᠬᠡᠢᠢᠮᠣᠷᠢ ᠪᠢᠳᠡᠨ ᠢ ᠠᠰᠢᠳᠠ ᠢᠪᠡᠭᠡᠵᠦ᠂ ᠮᠣᠩ᠋ᠭᠣᠯ ᠤᠯᠤᠰ᠂ ᠮᠣᠩ᠋ᠭᠣᠯ  ᠤᠨ ᠰᠤᠶᠤᠯ ᠲᠡᠦᠬᠡ ᠥᠨᠢᠳᠡ ᠣᠷᠣᠰᠢᠭ!》 ᠭᠡᠯ᠎ᠡ᠃