Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊ ∙ ᠬᠦᠷᠡᠯᠰᠦ᠋ᠬᠡ 《 ᠴᠢᠩᠭᠢᠰ ᠬᠠᠭᠠᠨ 》 ᠣᠯᠠᠨ ᠤᠯᠤᠰ  ᠤᠨ ᠨᠢᠰᠬᠦ ᠪᠠᠭᠤᠳᠠᠯ ᠤᠨ ᠠᠩᠬᠠᠨ ᠤ ᠨᠢᠰᠦᠯᠭᠡ ᠢᠢᠨ ᠶᠣᠰᠤᠯᠠᠯ ᠳᠤ ᠣᠷᠤᠯᠴᠠᠵᠤ᠂ ᠦᠭᠡ ᠬᠡᠯᠡᠯ᠎ᠡ

ᠲᠥᠪ ᠠᠢᠢᠮᠠᠭ ᠤᠨ ᠰᠡᠷᠬᠦᠯᠡᠩ ᠰᠤᠮᠤ ᠢᠢᠨ ᠬᠥᠰᠢᠭᠡ ᠢᠢᠨ ᠬᠥᠨᠳᠡᠢ ᠳᠥ ᠪᠠᠷᠢᠭᠳᠠᠭᠰᠠᠨ ᠰᠢᠨ᠎ᠡ ᠨᠢᠰᠬᠦ ᠪᠠᠭᠤᠳᠠᠯ ᠪᠤᠶᠤ 《ᠴᠢᠩᠭᠢᠰ ᠬᠠᠭᠠᠨ 》 ᠣᠯᠠᠨ ᠤᠯᠤᠰ ᠤᠨ ᠨᠢᠰᠬᠦ ᠪᠠᠭᠤᠳᠠᠯ ᠤᠨ ᠠᠩᠬᠠᠨ ᠤ ᠨᠢᠰᠦᠯᠭᠡ ᠢᠢᠨ ᠶᠣᠰᠤᠯᠠᠯ ᠤᠨ ᠦᠢᠯᠡ ᠠᠵᠢᠯᠯᠠᠭ᠎ᠠ ᠥᠨᠦᠳᠦᠷ ᠪᠣᠯᠵᠤ᠂ ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊ ∙ ᠬᠦᠷᠡᠯᠰᠦ᠋ᠬᠡ ᠣᠷᠤᠯᠴᠠᠵᠤ᠂ ᠦᠭᠡ ᠬᠡᠯᠡᠯ᠎ᠡ᠃

ᠮᠣᠩ᠋ᠭᠣᠯ ᠤᠯᠤᠰ᠂ ᠶᠠᠫᠣᠨ ᠤᠯᠤᠰ ᠤᠨ ᠵᠠᠰᠠᠭ ᠤᠨ ᠭᠠᠵᠠᠷ ᠠᠴᠠ ᠬᠠᠮᠲᠤᠷᠠᠨ ᠬᠡᠷᠡᠭᠵᠢᠭᠦᠯᠦᠭᠰᠡᠨ ᠲᠣᠮᠤᠬᠠᠨ ᠲᠥᠰᠦᠯ ᠦᠳ ᠦᠨ ᠨᠢᠭᠡ ᠪᠣᠯᠬᠤ 《ᠴᠢᠩᠭᠢᠰ ᠬᠠᠭᠠᠨ》 ᠣᠯᠠᠨ ᠤᠯᠤᠰ ᠤᠨ ᠰᠢᠨ᠎ᠡ ᠨᠢᠰᠬᠦ ᠪᠠᠭᠤᠳᠠᠯ ᠤᠨ ᠪᠦᠲᠦᠭᠡᠨ ᠪᠠᠢᠢᠭᠤᠯᠤᠯᠲᠠ ᠪᠠᠷ᠄
• ᠵᠢᠯ ᠳᠥ 3 ᠰᠠᠶ᠎ᠠ ᠵᠣᠷᠴᠢᠭᠴᠢ ᠬᠦᠯᠢᠶᠡᠨ ᠠᠪᠬᠤ ᠬᠦᠴᠦᠨ ᠴᠢᠳᠠᠯ ᠪᠦᠬᠦᠢ ᠵᠣᠷᠴᠢᠭᠴᠢ ᠦᠢᠯᠡᠴᠢᠯᠡᠭᠡᠨ ᠦ ᠪᠠᠷᠢᠯᠭ᠎ᠠ᠂
• 24 ᠠᠭᠠᠷ ᠤᠨ ᠬᠥᠯᠭᠡ ᠵᠣᠭᠰᠤᠬᠤ ᠫᠧᠷᠷᠣᠨ ᠲᠠᠯᠠᠪᠠᠢ᠂
• 43 ᠮᠧᠲ᠋ᠷ ᠥᠨᠳᠦᠷ ᠨᠢᠰᠦᠯᠭᠡ ᠢᠢᠨ ᠬᠥᠳᠡᠯᠭᠡᠭᠡᠨ ᠦ ᠪᠠᠷᠢᠯᠭ᠎ᠠ᠂
• 8000 ᠳᠣᠨᠠ ᠢᠢᠨ ᠪᠠᠭᠲᠠᠭᠠᠮᠵᠢ ᠪᠦᠬᠦᠢ ᠰᠢᠲᠠᠬᠤᠨ ᠤ ᠠᠭᠤᠯᠬᠤ᠂
• ᠵᠢᠯ ᠳᠥ 11900 ᠳᠣᠨᠠ ᠺᠠᠷᠭᠣ‍ ᠠᠴᠢᠶ᠎ᠠ ᠰᠢᠤᠳᠠᠨ ᠨᠡᠪᠲᠡᠷᠡᠭᠦᠯᠬᠦ ᠬᠦᠴᠦᠨ ᠴᠢᠳᠠᠯ ᠪᠦᠬᠦᠢ ᠺᠠᠷᠭᠣ‍ ᠲᠧᠷᠮᠢᠨᠠᠯ᠂
• ᠣᠯᠠᠨ ᠤᠯᠤᠰ ᠤᠨ C9 ᠵᠡᠷᠭᠡᠯᠡᠯ ᠲᠡᠢ ᠠᠪᠠᠷᠠᠬᠤ ᠭᠠᠯ ᠤᠨᠳᠠᠷᠠᠭᠠᠬᠤ ᠪᠠᠷᠢᠯᠭ᠎ᠠ᠂
• ᠪᠡᠶ᠎ᠡ ᠳᠠᠭᠠᠭᠠᠭᠰᠠᠨ ᠳᠤᠯᠠᠭᠠᠨ ᠤ ᠰᠲ᠋ᠠᠨ᠋ᠼᠢ ᠪᠣᠯᠤᠨ ᠴᠠᠬᠢᠯᠭᠠᠨ ᠱᠤᠭᠤᠮ ᠰᠦᠯᠵᠢᠶᠡᠨ ᠦ ᠳᠡᠳ᠋ ᠪᠠᠷᠢᠯᠭ᠎ᠠ ᠨᠤᠭᠤᠳ᠂
• ᠬᠣᠨᠤᠭ ᠲᠤ 800 ᠱᠣ‍ ᠮᠧᠲ᠋ᠷ ᠴᠡᠪᠡᠷ ᠪᠣᠯᠤᠨ ᠪᠣᠬᠢᠷ ᠤᠰᠤ ᠴᠡᠪᠡᠷᠯᠡᠬᠦ᠂ ᠠᠷᠢᠭᠤᠳᠬᠠᠬᠤ ᠲᠠᠲᠠᠭᠤᠷᠭ᠎ᠠ ᠤᠰᠤ ᠴᠡᠪᠡᠷᠰᠢᠭᠦᠯᠬᠦ ᠪᠠᠢᠢᠭᠤᠯᠤᠮᠵᠢ ᠵᠡᠷᠭᠡ ᠦᠨᠳᠦᠰᠦᠨ 30 ᠭᠠᠷᠤᠢ ᠪᠠᠷᠢᠯᠭ᠎ᠠ᠂ ᠪᠠᠢᠢᠭᠤᠯᠤᠮᠵᠢ ᠠᠴᠠ ᠪᠦᠷᠢᠳᠦᠭᠰᠡᠨ᠂ ᠣᠯᠠᠨ ᠤᠯᠤᠰ ᠤᠨ ᠰᠲ᠋ᠠᠨ᠋ᠳᠠᠷᠲ ᠲᠤ ᠨᠡᠢᠢᠴᠡᠭᠰᠡᠨ ᠰᠢᠨ᠎ᠡ ᠨᠢᠰᠬᠦ ᠪᠠᠭᠤᠳᠠᠯ ᠪᠠᠷᠢᠭᠳᠠᠭᠰᠡᠨ ᠶᠤᠮ᠃
ᠰᠢᠨ᠎ᠡ ᠨᠢᠰᠬᠦ ᠪᠠᠭᠤᠳᠠᠯ ᠤᠨ ᠠᠩᠬᠠᠨ ᠤ ᠨᠢᠰᠤᠯᠭᠡ ᠢᠢ ᠦᠨᠳᠦᠰᠦᠨ ᠦ ᠠᠭᠠᠷ ᠤᠨ ᠲᠡᠭᠡᠭᠡᠪᠦᠷᠢᠯᠡᠭᠴᠢ 《 ᠮ᠂ᠢ‍᠂ᠠ‍᠂ᠲ》 ᠲᠥ‍᠂ᠦ‍᠂ᠬᠤ‍᠂ᠺᠣ ᠢᠢᠨ OM 501 ᠠᠶᠠᠯᠠᠯ ᠤᠨ  ᠳᠤᠭᠠᠷᠲᠠᠢ BOEING 737-800 ᠠᠭᠠᠷ ᠤᠨ ᠬᠥᠯᠭᠡ ᠶᠠᠫᠣᠨ ᠤ ᠲᠣᠺᠢᠣ‍᠂ ᠨᠠᠷᠢᠲ᠋ᠠ ᠴᠢᠭᠯᠡᠯ ᠳᠥ ᠠᠮᠵᠢᠯᠲᠠᠲᠠᠢ ᠭᠦᠢᠢᠴᠡᠳᠬᠡᠯ᠎ᠡ᠃

ᠠᠩᠬᠠᠨ ᠤ ᠨᠢᠰᠦᠯᠭᠡ ᠢᠢᠨ ᠡᠬᠢᠨ ᠳᠥ ᠨᠢᠰᠬᠦ ᠪᠠᠭᠤᠳᠠᠯ ᠤᠨ ᠵᠣᠷᠴᠢᠭᠴᠢ ᠢᠢᠨ ᠲᠠᠩᠬᠢᠮ ᠳᠠᠬᠢ ᠮᠣᠩ᠋ᠭᠣᠯ – ᠶᠠᠫᠣᠨ ᠤ ᠨᠠᠢᠢᠷᠠᠮᠳᠠᠯ ᠤᠨ ᠳᠤᠷᠠᠰᠬᠠᠯ ᠤᠨ ᠴᠣᠭᠴᠠᠯᠠᠪᠤᠷᠢ ᠢᠢᠨ ᠬᠥᠰᠢᠶ᠎ᠡ ᠢᠢ ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊ ∙ ᠬᠦᠷᠡᠯᠰᠦ᠋ᠬᠡ᠂ ᠶᠠᠫᠣᠨ ᠤᠯᠤᠰ ᠠᠴᠠ ᠮᠣᠩ᠋ᠭᠣᠯ ᠤᠯᠤᠰ ᠲᠤ ᠰᠠᠭᠤᠭ᠎ᠠ ᠣᠨᠴᠠ ᠪᠥᠭᠡᠳ ᠪᠦᠷᠢᠨ ᠡᠷᠬᠡᠲᠦ ᠡᠯᠴᠢᠨ ᠰᠠᠢᠢᠳ ᠺᠣᠪᠠᠶᠠᠱᠢ ᠾᠢᠷᠣᠶᠦ᠋ᠺᠢ ᠨᠠᠷ ᠠᠯᠪᠠᠨ ᠶᠣᠰᠤ ᠪᠠᠷ ᠨᠡᠭᠡᠭᠡᠪᠡ᠃