ᠳᠤᠯᠭᠤᠷ ᠳᠦᠷᠦ ᠢᠢᠨ 2230 ᠵᠢᠯ᠂ ᠶᠡᠬᠡ ᠮᠣᠩ᠋ᠭᠤᠯ ᠤᠯᠤᠰ ᠪᠠᠢᠢᠭᠤᠯᠤᠭᠳᠠᠭᠰᠠᠨ ᠤ 815 ᠵᠢᠯ᠂ ᠦᠨᠳᠦᠰᠦᠨ ᠦ ᠡᠷᠬᠡ ᠴᠢᠯᠦᠭᠡ᠂ ᠳᠤᠰᠠᠭᠠᠷ ᠳᠣᠳᠠᠨᠢᠯ ᠢᠢᠠᠨ ᠰᠡᠷᠬᠦᠭᠡᠨ ᠮᠠᠨᠳᠤᠭᠤᠯᠤᠭᠰᠠᠨ ᠤ 110 ᠵᠢᠯ᠂ ᠠᠷᠠᠳ ᠤᠨ ᠬᠤᠪᠢᠰᠬᠠᠯ ᠤᠨ 100 ᠵᠢᠯ ᠤᠨ ᠣᠢ ᠢᠢ ᠳᠣᠬᠢᠶᠠᠯᠳᠤᠭᠤᠯᠤᠨ ᠮᠣᠩ᠋ᠭᠤᠯ ᠤᠯᠤᠰ ᠤᠨ ᠶᠡᠷᠦᠩᠬᠡᠢᠢᠯᠡᠭᠴᠢ ᠤ᠂ᠬᠦᠷᠡᠯᠰᠦ᠋ᠬᠡ ᠵᠠᠷᠯᠢᠭ ᠭᠠᠷᠭᠠᠵᠤ᠂ ᠡᠷᠳᠡᠨᠢᠳᠦ ᠦᠢᠯᠡᠳᠪᠦᠷᠢ ᠢᠢ ᠮᠣᠩ᠋ᠭᠤᠯ ᠤᠯᠤᠰ ᠤᠨ ᠪᠠᠭᠠᠳᠤᠷ ᠴᠣᠯᠠ ᠪᠠᠷ ᠱᠠᠩᠨᠠᠯ᠎ᠠ᠃
ᠮᠣᠩ᠋ᠭᠤᠯ ᠤᠯᠤᠰ ᠤᠨ ᠪᠠᠭᠠᠳᠤᠷ ᠴᠣᠯᠠ ᠬᠦᠷᠲᠡᠭᠡᠬᠦ ᠳᠤᠬᠠᠢ ᠵᠠᠷᠯᠢᠭ ᠲᠤ᠄
ᠮᠣᠩ᠋ᠭᠤᠯ ᠤᠯᠤᠰ ᠤᠨ ᠬᠦᠭ᠍ᠵᠢᠯ ᠴᠡᠴᠡᠭᠯᠡᠯᠳᠡ᠂ ᠡᠳ᠋ ᠦᠨ ᠵᠠᠰᠠᠭ᠂ ᠠᠭᠤᠯᠠ ᠠᠭᠤᠷᠬᠠᠢ ᠢᠢᠨ ᠰᠠᠯᠪᠤᠷᠢ ᠢᠢᠨ ᠥᠰᠦᠯᠳᠡ ᠬᠦᠭ᠍ᠵᠢᠯ᠂ ᠰᠠᠯᠪᠤᠷᠢ ᠢᠢᠨ ᠪᠣᠯᠪᠠᠰᠤᠨ ᠬᠦᠴᠦᠨ ᠦ ᠪᠡᠬᠢᠵᠢᠯᠲᠡ᠂ ᠤᠯᠤᠰ ᠤᠨ ᠲᠥᠰᠤᠪ ᠦᠨ ᠲᠥᠪᠯᠡᠷᠡᠯᠲᠡ᠂ ᠺᠣᠸᠢᠳ᠋ – 19 ᠴᠠᠷ ᠲᠠᠬᠤᠯ ᠤᠨ ᠬᠦᠨᠳᠦᠷᠡᠯᠳᠡᠢ ᠨᠥᠬᠦᠴᠡᠯ ᠳᠥ ᠠᠢᠢᠯ ᠡᠷᠦᠬᠡ᠂ ᠠᠵᠤ ᠠᠬᠤᠢ ᠢᠢᠨ ᠨᠢᠭᠡᠴᠡ ᠨᠦᠭᠦᠳ ᠲᠤ ᠤᠴᠠᠠᠷᠠᠵᠤ ᠪᠤᠢ ᠬᠦᠨᠳᠦᠷᠡᠯ ᠢ ᠳᠠᠪᠠᠨ ᠲᠤᠭᠤᠯᠬᠤ ᠳᠤ ᠦᠵᠡᠭᠦᠯᠵᠦ ᠪᠤᠢ ᠳᠡᠮᠵᠢᠯᠭᠡ᠂ ᠬᠦᠴᠥᠨ ᠴᠢᠷᠮᠠᠢᠢᠯᠳᠠ᠂ 20 ᠳᠤᠭᠠᠷ ᠵᠠᠭᠤᠨ ᠤ ᠲᠡᠦᠬᠡᠨ ᠪᠦᠳᠦᠭᠡᠨ ᠪᠠᠢᠢᠭᠤᠯᠤᠯᠳᠠ – ᠡᠷᠳᠡᠨᠢᠳᠦ ᠦᠢᠯᠡᠳᠪᠦᠷᠢ ᠢᠢᠨ ᠤᠯᠤᠰ ᠣᠷᠤᠨ ᠤ ᠪᠠᠨ ᠬᠥᠭ᠍ᠵᠢᠯ ᠳᠥ ᠣᠷᠤᠭᠤᠯᠤᠭᠰᠠᠨ ᠵᠢᠩᠳᠡᠢ ᠬᠤᠪᠢ ᠨᠡᠮᠡᠷᠢ ᠢᠢ ᠦᠨᠡᠯᠡᠵᠦ᠂ ᠡᠷᠳᠡᠨᠢᠳᠦ ᠦᠢᠯᠡᠳᠪᠦᠷᠢ ᠢᠢ ᠮᠣᠩ᠋ᠭᠤᠯ ᠤᠯᠤᠰ ᠤᠨ ᠪᠠᠭᠠᠳᠤᠷ ᠴᠣᠯᠠ ᠪᠠᠷ ᠱᠠᠩᠨᠠᠵᠤ᠂ ᠮᠣᠩ᠋ᠭᠤᠯ ᠤᠯᠤᠰ ᠤᠨ ᠠᠭᠤᠯᠠ ᠠᠭᠤᠷᠬᠠᠢ ᠢᠢᠨ ᠰᠠᠯᠪᠤᠷᠢ ᠢᠢᠨ ᠬᠥ᠍ᠵᠢᠯ ᠳᠡᠪᠰᠢᠯ᠂ ᠤᠯᠤᠰ ᠤᠨ ᠡᠳ᠋ ᠦᠨ ᠵᠠᠰᠠᠭ ᠲᠤ ᠣᠷᠤᠭᠤᠯᠬᠤ ᠦᠷ᠎ᠡ ᠠᠰᠢᠭ ᠢ ᠳᠡᠭᠡᠭ᠍ᠰᠢᠯᠡᠭᠦᠯᠬᠦ ᠢᠢᠨ ᠳᠥᠯᠦᠭᠡ ᠴᠠᠭ ᠨᠠᠷᠠ ᠦᠭᠡᠢ ᠠᠵᠢᠯᠯᠠᠵᠤ ᠢᠷᠡᠭᠰᠡᠨ ᠡᠷᠳᠡᠨᠢᠳᠦ ᠦᠢᠯᠡᠳᠪᠦᠷᠢ ᠢᠢᠨ ᠬᠠᠮᠳᠤ ᠣᠯᠠᠨ᠂ ᠨᠡᠢᠢᠳᠡ ᠠᠭᠤᠷᠬᠠᠢᠢᠴᠢᠳ ᠤᠨ ᠭᠠᠪᠢᠶ᠎ᠠ ᠵᠢᠳᠬᠦᠯ ᠢ ᠴᠣᠬᠤᠨ ᠳᠡᠮᠳᠡᠭᠯᠡᠵᠦ ᠠᠯᠳᠠᠷᠰᠢᠭᠤᠯᠵᠤ ᠪᠠᠢᠢᠨ᠎ᠠ ᠭᠡᠵᠡᠢ᠃