ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊ ∙ ᠬᠦᠷᠡᠯᠰᠦ᠋ᠬᠡ ᠢᠰᠯᠠᠮ ᠤᠨ ᠪᠦᠭᠦᠳᠡ ᠨᠠᠢᠢᠷᠠᠮᠳᠠᠬᠤ ᠠᠹᠬ᠋ᠠᠨᠨᠢᠰᠲ᠋ᠠᠨ ᠤᠯᠤᠰ ᠲᠤ ᠡᠭᠦᠷᠭᠡ ᠭᠦᠢᠴᠡᠳᠭᠡᠭ᠍ᠰᠡᠨ ᠴᠡᠷᠢᠭ ᠦᠨ ᠨᠡᠷ᠎ᠡ ᠪᠦᠬᠦᠢ ᠠᠯᠪᠠ ᠬᠠᠭᠠᠭᠴᠢᠳ ᠢ ᠴᠡᠷᠢᠭ ᠦᠨ ᠭᠠᠪᠢᠶᠠᠨ ᠤ ᠣᠳᠣᠨ᠂ ᠴᠡᠷᠢᠭ ᠦᠨ ᠬᠦᠨᠳᠦᠲᠦ ᠮᠧᠳᠠᠯ᠂ ᠡᠩᠬᠡ ᠢᠢᠨ ᠲᠥᠯᠥᠭᠡ ᠮᠧᠳᠠᠯ ᠢᠶᠠᠷ ᠱᠠᠩᠨᠠᠵᠤ᠂ ᠪᠠᠶᠠᠷ ᠬᠦᠷᠭᠡᠯ᠎ᠡ᠃
ᠵᠡᠪᠰᠡᠭᠲᠦ ᠬᠦᠴᠦᠨ ᠦ ᠬᠠᠮᠠᠭᠠᠯᠠᠯᠲᠠ ᠢᠢᠨ ᠷᠣᠲ ᠤᠨ XII᠂ XIII ᠡᠭᠡᠯᠵᠢ ᠢᠢᠨ ᠴᠡᠷᠢᠭ ᠦᠨ ᠪᠠᠭ ᠤᠨ ᠪᠡᠶ᠎ᠡ ᠪᠦᠷᠢᠯᠳᠦᠬᠦᠨ ᠢᠰᠯᠠᠮ ᠤᠨ ᠪᠦᠭᠦᠳᠡ ᠨᠠᠢᠢᠷᠠᠮᠳᠠᠬᠤ ᠠᠹᠬ᠋ᠠᠨᠨᠢᠰᠲ᠋ᠠᠨ ᠤᠯᠤᠰ ᠲᠤ ᠣᠯᠠᠨ ᠦᠨᠳᠦᠰᠦᠲᠡᠨ ᠦ 《ᠰᠢᠢᠳᠪᠦᠷᠢᠲᠡᠢ ᠳᠡᠮᠵᠢᠯᠭᠡ》 ᠠᠵᠢᠯᠯᠠᠭᠠᠨ ᠳᠤ ᠠᠮᠧᠷᠢᠺᠠ ᠢᠢᠨ ᠨᠢᠭᠡᠳᠦᠭᠰᠡᠨ ᠤᠯᠤᠰ ᠪᠣᠯᠤᠨ ᠬᠣᠯᠪᠣᠭᠠᠨ ᠤ ᠪᠦᠭᠦᠳᠡ ᠨᠠᠢᠢᠷᠠᠮᠳᠠᠬᠤ ᠭᠧᠷᠮᠠᠨ ᠤᠯᠤᠰ ᠵᠡᠪᠰᠡᠭᠲᠦ ᠬᠦᠴᠦᠨ ᠲᠡᠢ ᠬᠠᠮᠲᠤᠷᠠᠨ ᠡᠭᠦᠷᠭᠡ ᠭᠦᠢᠴᠡᠳᠭᠡᠭᠡᠳ ᠢᠷᠡᠭᠰᠡᠨ ᠶᠤᠮ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ᠂ ᠵᠡᠪᠰᠡᠭᠲᠦ ᠬᠦᠴᠦᠨ ᠦ ᠶᠡᠷᠦᠩᠬᠡᠢ ᠺᠣᠮᠠᠨ᠋ᠳ᠋ᠯᠠᠭᠴᠢ ᠤ᠊ ∙ ᠬᠦᠷᠡᠯᠰᠦ᠋ᠬᠡ ᠮᠣᠩ᠋ᠭᠣᠯ ᠴᠡᠷᠢᠭ ᠦᠳ ᠨᠢᠭᠡᠳᠦᠭᠰᠡᠨ ᠦᠨᠳᠦᠰᠦᠲᠡᠨ ᠦ ᠪᠠᠢᠢᠭᠤᠯᠤᠯᠭ᠎ᠠ ᠢᠢᠨ ᠡᠩᠬᠡ ᠢᠢ ᠰᠠᠬᠢᠭᠤᠯᠬᠤ ᠪᠣᠯᠤᠨ ᠣᠯᠠᠨ ᠤᠯᠤᠰ ᠤᠨ ᠴᠡᠷᠢᠭ ᠦᠨ ᠠᠵᠢᠯᠯᠠᠭᠠᠨ ᠳᠤ ᠢᠳᠡᠪᠬᠢᠲᠡᠢ ᠣᠷᠣᠯᠴᠠᠵᠤ ᠡᠬᠡ ᠣᠷᠣᠨ᠂ ᠮᠣᠩ᠋ᠭᠣᠯ ᠴᠡᠷᠢᠭ ᠦᠨ ᠨᠡᠷ᠎ᠡ ᠬᠦᠨᠳᠦ ᠢᠢ ᠥᠨᠳᠥᠷ ᠲᠦ ᠡᠷᠭᠦᠵᠦ ᠪᠠᠢᠢᠭ᠎ᠠ ᠢᠢ ᠬᠡᠯᠡᠯ᠎ᠡ᠃ ᠥᠩᠭᠡᠷᠡᠭᠰᠡᠨ 18 ᠵᠢᠯ ᠦᠨ ᠬᠤᠭᠤᠴᠠᠭᠠᠨ ᠳᠤ ᠴᠡᠷᠢᠭ ᠦᠨ ᠪᠠᠭ ᠤᠳ ᠢᠰᠯᠠᠮ ᠤᠨ ᠪᠦᠭᠦᠳᠡ ᠨᠠᠢᠢᠷᠠᠮᠳᠠᠬᠤ ᠠᠹᠬ᠋ᠠᠨᠨᠢᠰᠲ᠋ᠠᠨ ᠤᠯᠤᠰ ᠲᠤ ᠡᠭᠦᠷᠭᠡ ᠪᠡᠨ ᠨᠡᠷ᠎ᠡ ᠲᠥᠷᠥᠲᠡᠢ ᠭᠦᠢᠴᠡᠳᠭᠡᠬᠦ ᠢᠢᠨ ᠵᠡᠷᠭᠡᠴᠡᠭᠡ ᠠᠩᠬ᠎ᠠ ᠤᠳᠠᠭ᠎ᠠ ᠭᠠᠳᠠᠭᠠᠳᠤ ᠢᠢᠨ ᠴᠡᠷᠢᠭ ᠦᠳ ᠢ ᠨᠢᠰᠳᠡᠭ ᠲᠡᠷᠭᠡ᠂ ᠶᠡᠬᠡ ᠪᠤᠤᠨ ᠤ ᠴᠢᠭᠯᠡᠯ ᠢᠶᠡᠷ ᠰᠤᠷᠭᠠᠵᠤ ᠳᠠᠳᠤᠯᠭᠠᠵᠢᠭᠤᠯᠤᠭᠰᠠᠨ ᠢ ᠣᠨᠴᠠᠯᠠᠨ ᠲᠡᠮᠳᠡᠭᠯᠡᠪᠡ᠃ ᠠᠯᠪᠠ ᠬᠠᠭᠠᠭᠴᠢᠳ ᠤᠨ ᠬᠤᠷᠠᠮᠲᠤᠯᠠᠭᠤᠯᠤᠭᠰᠠᠨ ᠴᠡᠷᠢᠭ ᠦᠨ ᠬᠡᠭᠡᠷ᠎ᠡ ᠢᠢᠨ ᠳᠠᠳᠤᠯᠭ᠎ᠠ᠂ ᠠᠵᠢᠯᠯᠠᠭᠠᠨ ᠤ ᠲᠤᠷᠰᠢᠯᠭ᠎ᠠ ᠵᠡᠪᠰᠡᠭᠲᠦ ᠬᠦᠴᠦᠨ ᠦ ᠬᠥᠭᠵᠢᠯ ᠳᠥ ᠶᠡᠬᠡᠬᠡᠨ ᠳᠡᠮᠵᠢᠯᠭᠡ ᠪᠣᠯᠤᠨ᠎ᠠ ᠭᠡᠳᠡᠭ ᠲᠦ ᠡᠷᠡᠭᠡᠯᠵᠡᠬᠦ ᠦᠭᠡᠢ ᠪᠠᠢᠢᠭ᠎ᠠ ᠪᠠᠨ ᠢᠯᠡᠷᠬᠡᠢᠢᠯᠡᠪᠡ᠃ ᠴᠠᠭ ᠤᠨ ᠪᠠᠢᠢᠳᠠᠯ ᠪᠣᠯᠤᠨ ᠴᠠᠭ ᠠᠭᠠᠷ ᠤᠨ ᠬᠦᠨᠳᠦ ᠨᠥᠬᠥᠴᠡᠯ ᠳᠥ ᠤᠷ᠎ᠠ ᠴᠢᠳᠠᠪᠤᠷᠢ᠂ ᠡᠷ᠎ᠡ ᠵᠣᠷᠢᠭ᠂ ᠲᠡᠰᠪᠦᠷᠢ ᠬᠠᠲᠠᠭᠤᠵᠢᠯ᠂ ᠰᠠᠬᠢᠯᠭ᠎ᠠ᠂ ᠵᠣᠬᠢᠶᠠᠨ ᠪᠠᠢᠢᠭᠤᠯᠤᠯᠲᠠ ᠪᠠᠷ ᠢᠶᠠᠨ ᠪᠤᠰᠤᠳ ᠣᠷᠣᠨ ᠤ ᠴᠡᠷᠢᠭ ᠦᠨ ᠠᠯᠪᠠ ᠬᠠᠭᠠᠭᠴᠢᠳ ᠲᠤ ᠦᠯᠢᠭᠡᠷ ᠵᠢᠱᠢᠶ᠎ᠡ ᠦᠵᠡᠭᠦᠯᠦᠭᠰᠡᠨ ᠴᠡᠷᠢᠭ ᠡᠷᠡᠰ᠂ ᠲᠡᠳᠡᠨ ᠦ ᠨᠠᠢᠢᠳᠠᠪᠤᠷᠢᠲᠠᠢ ᠠᠷᠤ ᠲᠠᠯ᠎ᠠ᠂ ᠲᠦᠰᠢᠭ ᠲᠤᠯᠭᠠᠭᠤᠷᠢ ᠪᠣᠯᠤᠭᠰᠠᠨ ᠭᠡᠷ ᠪᠦᠯᠢ᠂ ᠦᠷ᠎ᠡ ᠬᠡᠦᠬᠡᠳ᠂ ᠲᠥᠷᠥᠯ ᠲᠥᠷᠥᠭᠰᠡᠳ ᠲᠥ ᠨᠢ ᠵᠡᠪᠰᠡᠭᠲᠦ ᠬᠦᠴᠦᠨ ᠦ ᠶᠡᠷᠦᠩᠬᠡᠢ ᠺᠣᠮᠠᠨ᠋ᠳ᠋ᠯᠠᠭᠴᠢ ᠢᠢᠨ ᠬᠤᠪᠢ ᠳᠤ ᠲᠠᠯᠠᠷᠬᠠᠯ ᠢᠯᠡᠷᠬᠡᠢᠢᠯᠡᠯ᠎ᠡ᠃
《ᠰᠢᠢᠳᠪᠦᠷᠢᠲᠡᠢ ᠳᠡᠮᠵᠢᠯᠭᠡ》 ᠠᠵᠢᠯᠯᠠᠭᠠᠨ ᠳᠤ ᠣᠷᠣᠯᠴᠠᠭᠰᠠᠨ ᠴᠡᠷᠢᠭ ᠳᠠᠢᠢᠴᠢᠳ ᠢᠶᠠᠨ ᠲᠥᠯᠦᠭᠡᠯᠡᠵᠦ ᠵᠡᠪᠰᠡᠭᠲᠦ ᠬᠦᠴᠦᠨ ᠦ 013 ᠳ᠋ᠤᠭᠠᠷ ᠠᠩᠬᠢ ᠢᠢᠨ ᠷᠣᠲ ᠤᠨ ᠠᠬᠠᠯᠠᠭᠴᠢ᠂ ᠠᠬᠠᠯᠠᠬᠤ ᠠᠬᠠᠯᠠᠭᠴᠢ ᠱ ∙ ᠵᠠᠮᠰᠠᠷᠠᠨ ᠦᠭᠡ ᠬᠡᠯᠡᠯ᠎ᠡ᠃ ᠲᠡᠷᠡᠪᠡᠷ ᠮᠣᠩ᠋ᠭᠣᠯ ᠤᠯᠤᠰ ᠤᠨ ᠲᠥᠷᠥ᠂ ᠵᠠᠰᠠᠭ᠂ ᠴᠡᠷᠢᠭ ᠦᠨ ᠳᠡᠭᠡᠳᠦ ᠤᠳᠤᠷᠢᠳᠤᠯᠭ᠎ᠠ ᠠᠴᠠ ᠥᠭ᠍ᠭᠦᠭ᠍ᠰᠡᠨ ᠡᠭᠦᠷᠭᠡ ᠢᠢᠨ ᠳᠠᠭᠠᠭᠤ ᠳᠠᠢᠢᠴᠢᠨ ᠨᠥᠬᠥᠳ ᠲᠡᠢ ᠪᠡᠨ ᠬᠠᠮᠲᠤ ᠢᠷᠭᠡᠳ᠂ ᠲᠡᠭᠡᠭᠡᠪᠦᠷᠢ ᠢᠢᠨ ᠬᠡᠷᠡᠭᠰᠡᠯ ᠢ ᠰᠢᠯᠭᠠᠨ ᠨᠡᠪᠲᠡᠷᠡᠭᠦᠯᠬᠦ᠂ ᠠᠶᠤᠯ ᠦᠭᠡᠢ ᠪᠠᠢᠢᠳᠠᠯ ᠢ ᠨᠢ ᠬᠠᠩ᠋ᠭᠠᠬᠤ ᠬᠠᠷᠢᠭᠤᠴᠠᠯᠭ᠎ᠠ ᠲᠠᠢ ᠠᠯᠪᠠ ᠪᠠᠨ ᠨᠡᠷ᠎ᠡ ᠲᠥᠷᠥᠲᠡᠢ ᠪᠡᠶᠡᠯᠡᠭᠦᠯᠦᠭᠰᠡᠨ ᠳᠥ ᠪᠡᠨ ᠪᠠᠶᠠᠷᠲᠠᠢ ᠪᠠᠢᠢᠭ᠎ᠠ ᠪᠠᠨ ᠬᠡᠯᠡᠪᠡ᠃
ᠵᠡᠪᠰᠡᠭᠲᠦ ᠬᠦᠴᠦᠨ ᠦ 027 ᠳ᠋ᠤᠭᠠᠷ ᠠᠩᠬᠢ ᠢᠢᠨ ᠰᠡᠳᠬᠢᠯ ᠵᠦᠢ᠂ ᠪᠡᠶ᠎ᠡ ᠢᠢᠨ ᠲᠠᠮᠢᠷ ᠤᠨ ᠣᠹᠢᠼᠧᠷ᠂ ᠠᠬᠠᠮᠠᠳ ᠲ.ᠪᠢᠯᠢᠭᠦᠨ᠄
《ᠬᠠᠮᠤᠭ ᠤᠨ ᠰᠡᠭᠦᠯ ᠦᠨ ᠪᠤᠶᠤ XIII ᠡᠭᠡᠯᠵᠢᠨ ᠳᠥ ᠣᠷᠣᠯᠴᠠᠭᠠᠳ ᠢᠷᠡᠭᠰᠡᠨ᠃ ᠫᠦᠯᠧᠮᠶᠣᠲ ᠤᠨ ᠴᠡᠭ ᠲᠦ ᠭᠠᠷᠬᠤ᠂ ᠠᠹᠬ᠋ᠠᠨᠨ ᠡᠮᠡᠭᠲᠡᠢᠢᠴᠦᠳ ᠢ ᠰᠢᠯᠭᠠᠵᠤ ᠨᠡᠪᠲᠡᠷᠡᠭᠦᠯᠬᠦ ᠭᠡᠳ ᠡᠷᠡᠴᠦᠳ ᠲᠡᠢ ᠠᠳᠠᠯᠢ ᠡᠭᠦᠷᠭᠡ ᠭᠦᠢᠴᠡᠳᠭᠡᠵᠦ ᠪᠠᠢᠢᠭᠰᠠᠨ ᠢᠶᠠᠷ ᠢᠶᠠᠨ ᠪᠠᠬᠠᠷᠬᠠᠵᠤ ᠪᠠᠢᠢᠨ᠎ᠠ᠃》
ᠵᠡᠪᠰᠡᠭᠲᠦ ᠬᠦᠴᠦᠨ ᠦ 150 ᠳ᠋ᠤᠭᠠᠷ ᠠᠩᠬᠢ ᠢᠢᠨ ᠲᠠᠰᠤᠭ ᠤᠨ ᠵᠠᠬᠢᠷᠤᠭᠴᠢ᠂ ᠠᠬᠠᠯᠠᠬᠤ ᠠᠬᠠᠯᠠᠭᠴᠢ ᠭ.ᠡᠩᠬᠡᠰᠠᠢᠢᠬᠠᠨ᠄
《ᠵᠢᠷᠭᠤᠭ᠎ᠠ ᠳᠠᠬᠢ ᠤᠳᠤᠭ᠎ᠠ ᠪᠠᠨ ᠠᠵᠢᠯᠯᠠᠭᠠᠨ ᠳᠤ ᠣᠷᠣᠯᠴᠠᠭᠰᠠᠨ᠃ ᠴᠠᠷ ᠲᠠᠬᠤᠯ ᠤᠨ ᠤᠯᠠᠮ ᠠᠴᠠ ᠬᠣᠭᠣᠷᠣᠨᠳᠣ ᠢᠢᠨ ᠵᠠᠢ ᠪᠠᠷᠢᠬᠤ ᠵᠡᠷᠭᠡ ᠪᠡᠷ ᠬᠠᠯᠳᠠᠪᠤᠷᠢ ᠬᠠᠮᠠᠭᠠᠯᠠᠯ ᠤᠨ ᠳᠢᠭ᠍ᠯᠢᠮ ᠮᠥᠷᠳᠡᠬᠦ ᠨᠢ ᠪᠠᠭ᠎ᠠ ᠵᠡᠷᠭᠡ ᠬᠦᠨᠳᠦᠷᠡᠯᠲᠡᠢ ᠪᠠᠢᠢᠭᠰᠠᠨ᠃ ᠴᠡᠷᠢᠭ ᠦᠨ ᠳᠡᠭᠡᠳᠦ ᠤᠳᠤᠷᠢᠳᠤᠯᠭ᠎ᠠ ᠠᠴᠠ ᠮᠧᠳᠠᠯ ᠭᠠᠷᠳᠠᠵᠤ ᠠᠪᠤᠭᠰᠠᠨ ᠳᠤ ᠪᠠᠨ ᠪᠠᠶᠠᠷᠲᠠᠢ ᠪᠠᠢᠢᠨ᠎ᠠ᠃》
ᠵᠡᠪᠰᠡᠭᠲᠦ ᠬᠦᠴᠦᠨ ᠦ 284 ᠳᠥᠭᠡᠷ ᠠᠩᠬᠢ ᠢᠢᠨ ᠠᠵᠢᠯᠯᠠᠭᠠᠨ ᠤ ᠣᠹᠢᠼᠧᠷ᠂ ᠠᠬᠠᠮᠠᠳ ᠪ.ᠳᠥᠯᠥᠭᠡᠨ᠄
《ᠬᠣᠶᠠᠷ ᠳᠠᠬᠢ ᠤᠳᠠᠭ᠎ᠠ ᠪᠠᠨ ᠣᠷᠣᠯᠴᠠᠭᠠᠳ ᠢᠷᠡᠭᠰᠡᠨ᠃ ᠴᠠᠭ ᠤᠨ ᠪᠠᠢᠢᠳᠠᠯ ᠲᠣᠭᠲᠠᠪᠤᠷᠢ ᠦᠭᠡᠢ᠂ ᠴᠠᠷ ᠲᠠᠬᠤᠯ ᠲᠠᠷᠬᠠᠭᠰᠠᠨ ᠪᠠᠢᠢᠭᠰᠠᠨ ᠴᠤ ᠴᠡᠷᠢᠭ ᠦᠨ ᠪᠠᠭ ᠰᠠᠬᠢᠯᠭ᠎ᠠ ᠪᠠᠲᠤ ᠲᠠᠢ ᠪᠠᠢᠢᠵᠤ᠂ ᠬᠦᠯᠢᠶᠡᠭᠰᠡᠨ ᠡᠭᠦᠷᠭᠡ ᠪᠡᠨ ᠪᠡᠶᠡᠯᠡᠭᠦᠯᠦᠭᠡᠳ ᠡᠬᠡ ᠣᠷᠣᠨ ᠳᠤ ᠪᠠᠨ ᠢᠷᠡᠭᠰᠡᠨ᠃》
ᠵᠡᠪᠰᠡᠭᠲᠦ ᠬᠦᠴᠦᠨ ᠦ 084 ᠳᠦᠭᠡᠷ ᠠᠩᠬᠢ ᠢᠢᠨ 104 ᠳᠥᠭᠡᠷ ᠰᠠᠯᠪᠤᠷᠢ ᠢᠢᠨ ᠣᠷᠣᠯᠠᠭᠴᠢ᠂ ᠠᠬᠠᠯᠠᠬᠤ ᠳᠡᠰᠯᠡᠭᠴᠢ ᠮ.ᠪᠢᠯᠢᠭᠦᠨ᠄
《ᠬᠠᠯᠳᠠᠯᠭ᠎ᠠ᠂ ᠳᠠᠭᠠᠷᠢᠯᠲᠠ ᠶᠡᠬᠡ ᠲᠡᠢ᠂ ᠴᠠᠭ ᠠᠭᠠᠷ᠂ ᠴᠠᠷ ᠲᠠᠬᠤᠯ ᠤᠨ ᠠᠮᠠᠷ ᠦᠭᠡᠢ ᠨᠥᠬᠥᠴᠡᠯ ᠳᠥ ᠴᠡᠷᠢᠭ ᠦᠨ ᠪᠠᠭ ᠡᠭᠦᠷᠭᠡ ᠪᠡᠨ ᠨᠡᠷ᠎ᠡ ᠲᠥᠷᠥ ᠲᠡᠢ ᠪᠡᠶᠡᠯᠡᠭᠦᠯᠦᠭᠡᠳ ᠢᠷᠡᠭᠰᠡᠨ ᠳᠥ ᠪᠡᠨ ᠪᠠᠶᠠᠷᠲᠠᠢ ᠪᠠᠢᠢᠨ᠎ᠠ᠃》
ᠮᠣᠩ᠋ᠭᠣᠯ ᠤᠯᠤᠰ 2002 ᠣᠨ ᠳᠤ ᠨᠢᠭᠡᠳᠦᠭᠰᠡᠨ ᠦᠨᠳᠦᠰᠦᠨ ᠦ ᠪᠠᠢᠢᠭᠤᠯᠤᠯᠭ᠎ᠠ ᠤᠨ ᠴᠡᠷᠢᠭ ᠦᠨ ᠠᠵᠢᠭᠯᠠᠭᠴᠢ ᠳᠤ᠂ 2003 ᠣᠨ ᠠᠴᠠ ᠢᠷᠠᠺ᠂ ᠢᠰᠯᠠᠮ ᠤᠨ ᠪᠦᠭᠦᠳᠡ ᠨᠠᠢᠢᠷᠠᠮᠳᠠᠬᠤ ᠠᠹᠬ᠋ᠠᠨᠨᠢᠰᠲ᠋ᠠᠨ ᠤᠯᠤᠰ ᠲᠤ ᠴᠡᠷᠢᠭ ᠦᠨ ᠪᠠᠭ ᠢᠢᠠᠨ ᠢᠯᠡᠭᠡᠭ᠍ᠰᠡᠨ ᠲᠡᠦᠬᠡ ᠲᠡᠢ᠃ ᠣᠳᠣ ᠪᠠᠷ ᠪᠦᠭᠦᠳᠡ ᠨᠠᠢᠢᠷᠠᠮᠳᠠᠬᠤ ᠡᠮᠦᠨᠡᠲᠦ ᠰᠦᠳᠠᠨ ᠤᠯᠤᠰ ᠲᠤ ᠴᠡᠷᠢᠭ ᠦᠨ ᠪᠠᠭ ᠡᠭᠦᠷᠭᠡ ᠭᠦᠢᠴᠡᠳᠭᠡᠵᠦ ᠪᠠᠢᠢᠨ᠎ᠠ᠃