ᠮᠣᠩᠭ᠋ᠣᠯ ᠤᠯᠤᠰ ᠤᠨ ᠶᠡᠷᠦᠩᠬᠡᠢᠢᠯᠡᠭᠴᠢ ᠢᠢᠨ ᠲᠠᠮᠠᠭ᠎ᠠ ᠢᠢᠨ ᠭᠠᠵᠠᠷ ᠤᠨ ᠳᠠᠷᠤᠭ᠎ᠠ ᠵᠠ᠂ ᠡᠩᠬᠡᠪᠣᠯᠤᠳ ᠪᠣᠯᠤᠨ ᠤᠯᠤᠰ ᠤᠨ ᠶᠡᠬᠡ ᠬᠤᠷᠠᠯ ᠤᠨ ᠲᠠᠮᠠᠭ᠎ᠠ ᠢᠢᠨ ᠭᠠᠵᠠᠷ ᠤᠨ ᠶᠡᠷᠦᠩᠬᠡᠢ ᠨᠠᠷᠢᠨ ᠪᠢᠴᠢᠭ᠌ ᠦᠨ ᠳᠠᠷᠤᠭ᠎ᠠ ᠴ ∙ ᠴᠣᠯᠮᠣᠨ ᠨᠠᠷ ᠥᠨᠥᠳᠥᠷ 2017 ᠣᠨ ᠳᠤ ᠪᠠᠲᠤᠯᠠᠭᠳᠠᠭᠰᠠᠨ ᠬᠠᠤᠯᠢ ᠨᠤᠭᠤᠳ ᠳᠡᠭᠡᠷ᠎ᠡ ᠲᠥᠷᠥ ᠢᠢᠨ ᠲᠠᠮᠠᠭ᠎ᠠ ᠳᠠᠷᠤᠬᠤ ᠶᠣᠰᠣᠯᠠᠯ ᠦᠢᠯᠡᠳᠦᠯᠠ᠃
ᠲᠥᠷᠥ ᠢᠢᠨ ᠲᠠᠮᠠᠭ᠎ᠠ ᠢᠢ ᠦᠨᠳᠦᠰᠦᠨ ᠦ ᠬᠡ ᠪᠡᠷ ᠴᠢᠮᠡᠭᠯᠡᠭᠰᠡᠨ ᠮᠥᠩᠭᠥᠨ ᠲᠣᠨᠣᠭ ᠪᠦᠬᠦᠢ᠂ ᠵᠥᠭᠡᠯᠡᠨ ᠲᠣᠷᠭᠠᠮᠰᠤᠭ ᠡᠳ᠋ ᠍ ᠢᠶᠡᠷ ᠳᠣᠲᠣᠷᠯᠠᠭᠰᠠᠨ ᠽᠠᠨᠳᠠᠨ ᠮᠣᠳᠣᠨ ᠬᠠᠢᠢᠷᠴᠠᠭ ᠲᠠᠢ ᠨᠢ ᠠᠪᠴᠢᠷᠠᠵᠤ᠂ ᠲᠥᠷᠥ ᠢᠢᠨ ᠪᠡᠯᠭᠡ ᠲᠡᠮᠳᠡᠭ ᠦᠨ ᠲᠤᠬᠠᠢ ᠬᠠᠤᠯᠢ ᠳᠤ ᠵᠢᠭᠠᠭᠰᠠᠨ ᠤ ᠳᠠᠭᠭᠠᠤ ᠮᠣᠩᠭ᠋ᠣᠯ ᠤᠯᠤᠰ ᠤᠨ ᠬᠠᠤᠯᠢ ᠢᠢᠨ ᠤᠭ ᠡᠬᠢ ᠢᠢᠨ ᠡᠬᠢᠨ ᠦ ᠬᠠᠭᠤᠳᠠᠰᠤ ᠳᠤ ᠳᠠᠷᠤᠪᠠ᠃ 2017 ᠣᠨ ᠳᠤ ᠶᠢᠰᠦᠨ ᠪᠣᠲᠢ 411 ᠬᠠᠭᠤᠳᠠᠰᠤ ᠬᠠᠤᠯᠢ ᠪᠠᠲᠤᠯᠠᠭᠳᠠᠭᠰᠠᠨ ᠪᠥᠭᠡᠳ ᠡᠳᠡᠭᠡᠷ ᠬᠠᠤᠯᠢ ᠢᠢᠨ ᠤᠭ ᠡᠬᠢ ᠢᠢᠨ ᠡᠬᠢᠨ ᠦ ᠬᠠᠭᠤᠳᠠᠰᠤ ᠳᠤ ᠲᠥᠷᠥ ᠢᠢᠨ ᠲᠠᠮᠠᠭ᠎ᠠ ᠢᠢ ᠳᠠᠷᠤᠭᠰᠠᠨ ᠶᠤᠮ᠃
ᠲᠥᠷᠥ ᠢᠢᠨ ᠲᠠᠮᠠᠭ᠎ᠠ ᠢᠢ ᠮᠣᠩᠭ᠋ᠣᠯ ᠤᠯᠤᠰ ᠤᠨ ᠶᠡᠷᠦᠩᠬᠡᠢᠢᠯᠡᠭᠴᠢ ᠪᠠᠷᠢᠵᠤ᠂ ᠮᠣᠩᠭ᠋ᠣᠯ ᠤᠯᠤᠰ ᠤᠨ ᠦᠨᠳᠦᠰᠦᠨ ᠬᠠᠤᠯᠢ ᠢᠢᠨ ᠤᠭ ᠡᠬᠢ ᠢᠢᠨ ᠬᠠᠭᠤᠳᠠᠰᠤ ᠪᠦᠷᠢ ᠳᠡᠭᠡᠷ᠎ᠡ᠂ ᠮᠣᠩᠭ᠋ᠣᠯ ᠤᠯᠤᠰ ᠤᠨ ᠬᠠᠤᠯᠢ᠂ ᠤᠯᠤᠰ ᠤᠨ ᠶᠡᠬᠡ ᠬᠤᠷᠠᠯ ᠢᠶᠠᠷ ᠰᠣᠶᠣᠷᠬᠠᠨ ᠪᠠᠲᠤᠯᠠᠭᠰᠠᠨ ᠣᠯᠠᠨ ᠤᠯᠤᠰ ᠤᠨ ᠭᠡᠷ᠎ᠡ᠂ ᠮᠣᠩᠭ᠋ᠣᠯ ᠤᠯᠤᠰ ᠠᠴᠠ ᠭᠠᠳᠠᠭᠠᠳᠤ ᠤᠯᠤᠰ ᠲᠠᠢ ᠳ᠋ᠢᠫᠯᠣᠮᠠᠲ ᠬᠠᠷᠢᠯᠴᠠᠭ᠎ᠠ ᠲᠣᠭᠲᠠᠭᠠᠬᠤ᠂ ᠴᠤᠴᠠᠯᠬᠤ ᠲᠤᠬᠠᠢ ᠤᠯᠤᠰ ᠤᠨ ᠶᠡᠬᠡ ᠬᠤᠷᠠᠯ ᠤᠨ ᠰᠢᠢᠳᠪᠦᠷᠢ ᠢᠢᠨ ᠤᠭ ᠡᠬᠡ ᠢᠢᠨ ᠡᠬᠢᠨ ᠦ ᠬᠠᠭᠤᠳᠠᠰᠤ ᠳᠡᠭᠡᠷ᠎ᠡ ᠲᠤᠰ᠂ ᠲᠤᠰ ᠳᠠᠷᠤᠳᠠᠭ ᠪᠠᠢᠢᠨ᠎ᠠ᠃
ᠲᠥᠷᠥ ᠢᠢᠨ ᠲᠠᠮᠠᠭ᠎ᠠ ᠨᠢ ᠦᠨᠳᠦᠰᠦᠨ ᠬᠠᠤᠯᠢ ᠢᠢᠨ ᠠᠷᠪᠠᠨ ᠬᠣᠶᠠᠳᠤᠭᠠᠷ ᠵᠦᠢᠯ ᠦᠨ 6 ᠳ᠋ᠠᠬᠢ ᠬᠡᠰᠡᠭ ᠲᠥ ᠵᠢᠭᠠᠭᠰᠠᠨ ᠢᠶᠠᠷ ᠳᠥᠷᠪᠡᠯᠵᠢᠨ ᠬᠡᠯᠪᠡᠷᠢᠲᠡᠢ᠂ ᠭᠣᠣᠯ ᠳᠤ ᠪᠠᠨ ᠲᠥᠷᠥ ᠢᠢᠨ ᠰᠦᠯᠳᠡ ᠲᠡᠢ ᠰᠦᠯᠳᠡᠨ ᠦ ᠬᠣᠶᠠᠷ ᠲᠠᠯ᠎ᠠ ᠪᠠᠷ ᠮᠣᠩᠭ᠋ᠣᠯ ᠤᠯᠤᠰ ᠭᠡᠰᠡᠨ ᠪᠢᠴᠢᠭᠡᠰᠦ ᠲᠡᠢ᠂ ᠠᠷᠰᠯᠠᠨ ᠤ ᠳᠦᠷᠰᠦ ᠪᠦᠬᠦᠢ ᠪᠠᠷᠢᠭᠤᠯ ᠲᠠᠢ ᠪᠠᠢᠢᠳᠠᠭ᠃