Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ᠂ ᠶᠠᠫᠣᠨ ᠤ ᠳ᠋ᠢᠫᠯᠣᠮᠠᠲ ᠬᠠᠷᠢᠯᠴᠠᠭᠠᠨ ᠤ ᠣᠢ ᠢᠢ ᠬᠠᠮᠲᠤᠷᠠᠨ ᠲᠡᠮᠳᠡᠭᠯᠡᠨ᠎ᠡ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊ ∙ ᠬᠦᠷᠡᠯᠰᠦ᠋ᠬᠡ  ᠶᠠᠫᠣᠨ ᠤᠯᠤᠰ ᠠᠴᠠ ᠮᠣᠩ᠋ᠭᠣᠯ ᠤᠯᠤᠰ ᠲᠤ ᠰᠠᠭᠤᠭ᠎ᠠ ᠣᠨᠴᠠ ᠪᠥᠭᠡᠳ ᠪᠦᠷᠢᠨ ᠡᠷᠬᠡᠲᠦ ᠡᠯᠴᠢᠨ ᠰᠠᠢᠢᠳ ᠬ ∙ ᠺᠣᠪᠠᠶᠠᠱᠢ ᠢᠢ ᠬᠦᠯᠢᠶᠡᠨ ᠠᠪᠴᠤ ᠠᠭᠤᠯᠵᠠᠪᠠ᠃

ᠶᠡᠷᠦᠩᠬᠡᠢᠢᠯᠡᠭᠴᠢ ᠤ᠊ ∙ ᠬᠦᠷᠡᠯᠰᠦ᠋ᠬᠡ  ᠠᠭᠤᠯᠵᠠᠯᠲᠠ ᠢᠢᠨ ᠡᠬᠢᠨ ᠳᠥ ᠴᠠᠷ᠎ ᠲᠠᠬᠤᠯ ᠤᠨ ᠬᠦᠨᠳᠦ ᠨᠥᠬᠥᠴᠡᠯ ᠪᠠᠢᠢᠳᠠᠯ ᠳᠤ ᠶᠠᠫᠣᠨ ᠤᠯᠤᠰ᠂ ᠶᠠᠫᠣᠨ ᠤ ᠠᠷᠠᠳ ᠲᠦᠮᠡᠨ ᠣᠯᠢᠮᠫ ᠤᠨ ᠨᠠᠭᠠᠳᠤᠮ ᠢ ᠠᠮᠵᠢᠯᠲᠠᠲᠠᠢ ᠵᠣᠬᠢᠶᠠᠨ ᠪᠠᠢᠢᠭᠤᠯᠤᠭᠰᠠᠨ ᠳᠤ ᠪᠠᠶᠠᠷ ᠬᠦᠷᠭᠡᠭᠡᠳ᠂ ᠮᠣᠩ᠋ᠭᠣᠯ ᠤᠯᠤᠰ ᠤᠨ ᠪᠠᠭ ᠲᠠᠮᠢᠷᠴᠢᠳ ᠢ ᠣᠯᠢᠮᠫ ᠤᠨ ᠨᠠᠭᠠᠳᠤᠮ ᠳᠤ ᠣᠷᠣᠯᠴᠠᠬᠤ ᠳᠤ ᠶᠠᠫᠣᠨ ᠤ ᠲᠠᠯ᠎ᠠ ᠳᠡᠮᠵᠢᠯᠭᠡ ᠲᠤᠰᠠᠯᠠᠯᠴᠠᠭ᠎ᠠ ᠦᠵᠡᠭᠦᠯᠵᠦ ᠢᠷᠡᠭᠰᠡᠨ ᠳᠥ ᠴᠩ ᠰᠡᠳᠬᠢᠯ ᠦᠨ ᠲᠠᠯᠠᠷᠬᠠᠯ ᠢᠯᠡᠷᠬᠡᠢᠢᠯᠡᠪᠡ᠃

ᠲᠡᠷᠡᠪᠡᠷ ᠮᠣᠩ᠋ᠭᠣᠯ᠂ ᠶᠠᠫᠣᠨ ᠤ ᠬᠠᠷᠢᠯᠴᠠᠭ᠎ᠠ᠂ ᠬᠠᠮᠲᠤ ᠢᠢᠨ ᠠᠵᠢᠯᠯᠠᠭ᠎ᠠ ᠥᠷᠭᠡᠨ ᠬᠦᠷᠢᠢ᠎᠎ᠡ ᠲᠡᠢ ᠲᠠᠯᠠᠪᠤᠷ ᠲᠤ ᠠᠮᠵᠢᠯᠲᠠᠲᠠᠢ ᠬᠥᠭ᠍ᠵᠢᠵᠦ ᠪᠠᠢᠢᠭ᠎ᠠ ᠢᠢ ᠲᠡᠮᠳᠡᠭᠯᠡᠭᠡᠳ᠂ ᠴᠠᠭᠠᠰᠢᠳᠠ ᠭᠤᠷᠪᠠᠳᠠᠭᠴᠢ ᠬᠥᠷᠰᠢ ᠶᠠᠫᠣᠨ ᠤᠯᠤᠰ ᠲᠠᠢ ᠰᠲ᠋ᠷᠠᠲ᠋ᠧᠭᠢ ᠢᠢᠨ ᠲᠦᠩᠰᠢᠯᠡᠯ ᠦᠨ ᠬᠠᠷᠢᠯᠴᠠᠭ᠎ᠠ ᠢᠢ ᠤᠯᠠᠮ ᠥᠷᠭᠡᠵᠢᠭᠦᠯᠵᠦ᠂ ᠠᠷᠠᠳ ᠢᠷᠭᠡᠳ ᠦᠨ ᠨᠠᠢᠢᠷᠠᠮᠳᠠᠯ ᠨᠥᠬᠥᠷᠯᠡᠯ ᠢ ᠪᠡᠬᠢᠵᠢᠭᠦᠯᠦᠨ᠂ ᠬᠤᠳᠠᠯᠳᠤᠭ᠎ᠠ᠂ ᠡᠳ᠋ ᠍ ᠦᠨ ᠵᠠᠰᠠᠭ ᠤᠨ ᠬᠠᠮᠲᠤ ᠢᠢᠨ ᠠᠵᠢᠯᠯᠠᠭ᠎ᠠ ᠢᠢ ᠪᠦᠬᠦ ᠲᠠᠯ᠎ᠠ ᠪᠠᠷ ᠨᠡᠮᠡᠭᠳᠡᠭᠦᠯᠬᠦ ᠳᠥ ᠳᠡᠮᠵᠢᠯᠭᠡ ᠦᠵᠡᠭᠦᠯᠵᠦ ᠠᠵᠢᠯᠯᠠᠬᠤ ᠪᠠᠨ ᠢᠯᠡᠷᠬᠡᠢᠢᠯᠡᠪᠡ᠃

ᠡᠯᠴᠢᠨ ᠰᠠᠢᠢᠳ ᠬ ∙ ᠺᠣᠪᠠᠶᠠᠱᠢ ᠣᠯᠢᠮᠫ ᠤᠨ ᠨᠠᠭᠠᠳᠤᠮ ᠳᠤ ᠮᠣᠩ᠋ᠭᠣᠯ ᠤᠨ ᠪᠠᠭ ᠲᠠᠮᠢᠷᠴᠢᠳ ᠠᠮᠵᠢᠯᠲᠠᠲᠠᠢ ᠣᠷᠣᠯᠴᠠᠵᠤ᠂ ᠳᠥᠷᠪᠡᠨ ᠮᠧᠳᠠᠯ ᠬᠦᠷᠲᠡᠭᠰᠡᠨ ᠳᠥ ᠪᠠᠶᠠᠷ ᠬᠦᠷᠭᠡᠭᠡᠳ᠂ ᠨᠡᠭᠡᠭᠡᠯᠲᠡ ᠢᠢᠨ ᠠᠵᠢᠯᠯᠠᠭᠠᠨ ᠳᠤ ᠮᠣᠩ᠋ᠭᠣᠯ ᠤᠯᠤᠰ ᠠᠴᠠ ᠶᠡᠷᠦᠩᠬᠡᠢ ᠰᠠᠢᠢᠳ ᠤᠨ ᠲᠦᠪᠰᠢᠨ ᠳᠥ ᠢᠷᠡᠵᠦ ᠣᠷᠣᠯᠴᠠᠭᠰᠠᠨ᠂ ᠮᠥᠨ ᠡᠨᠡ ᠦᠶ᠎ᠡ ᠪᠡᠷ ᠮᠣᠩ᠋ᠭᠣᠯ ᠤᠯᠤᠰ ᠤᠨ ᠶᠡᠷᠦᠩᠬᠡᠢ ᠰᠠᠢᠢᠳ ᠯ ∙ ᠣᠶᠤᠨ-ᠡᠷᠳᠡᠨᠢ ᠶᠠᠫᠣᠨ ᠤᠯᠤᠰ ᠲᠤ ᠠᠢᠢᠯᠴᠢᠯᠠᠵᠤ ᠶᠡᠷᠦᠩᠬᠡᠢ ᠰᠠᠢᠢᠳ ᠶᠣ᠊ ∙ ᠰᠦᠭ᠎ᠠ ᠲᠠᠢ ᠮᠣᠩ᠋ᠭᠣᠯ᠂ ᠶᠠᠫᠣᠨ ᠤ ᠬᠠᠷᠢᠯᠴᠠᠭᠠᠨ ᠤ ᠠᠰᠠᠭᠤᠳᠠᠯ ᠤᠳ ᠢᠶᠠᠷ ᠳᠡᠯᠭᠡᠷᠡᠩᠭᠦᠢ ᠰᠠᠨᠠᠯ ᠰᠣᠯᠢᠯᠴᠠᠭᠰᠠᠨ ᠳᠤ ᠪᠠᠶᠠᠷᠲᠠᠢ ᠪᠠᠢᠢᠭ᠎ᠠ ᠪᠠᠨ ᠢᠯᠡᠷᠬᠡᠢᠢᠯᠡᠪᠡ᠃

ᠢᠷᠡᠬᠦ ᠣᠨ ᠳᠤ ᠮᠣᠩ᠋ᠭᠣᠯ᠂ ᠶᠠᠫᠣᠨ ᠤ ᠬᠣᠭᠣᠷᠣᠨᠳᠣ ᠳ᠋ᠢᠫᠯᠣᠮᠠᠲ ᠬᠠᠷᠢᠯᠴᠠᠭ᠎ᠠ ᠲᠣᠭᠲᠠᠭᠠᠭᠰᠠᠨ ᠤ 50 ᠵᠢᠯ ᠦᠨ ᠣᠢ ᠲᠣᠬᠢᠶᠠᠬᠤ ᠲᠠᠢ ᠬᠣᠯᠪᠣᠭᠳᠠᠭᠤᠯᠤᠨ 2022 ᠣᠨ ᠢ ᠮᠣᠩ᠋ᠭᠣᠯ᠂ ᠶᠠᠫᠣᠨ ᠤ ᠬᠡᠦᠬᠡᠳ᠂ ᠵᠠᠯᠠᠭᠤᠴᠤᠳ ᠤᠨ ᠨᠠᠢᠢᠷᠠᠮᠳᠠᠯ᠂ ᠰᠣᠯᠢᠯᠴᠠᠭᠠᠨ ᠤ ᠵᠢᠯ ᠪᠣᠯᠭᠠᠨ ᠵᠠᠷᠯᠠᠬᠤ ᠲᠤᠬᠠᠢ ᠶᠡᠷᠦᠩᠬᠡᠢ ᠰᠠᠢᠢᠳ ᠶᠣ᠊ ∙ ᠰᠦᠭ᠎ᠠ ᠢᠢᠨ ᠰᠠᠨᠠᠯ ᠢ ᠲᠠᠯᠠᠷᠬᠠᠨ ᠬᠦᠯᠢᠶᠡᠨ ᠠᠪᠴᠤ ᠪᠠᠢᠢᠭ᠎ᠠ ᠪᠥᠭᠡᠳ ᠬᠠᠷᠢᠯᠴᠠᠭᠠᠨ ᠤ ᠢᠷᠡᠭᠡᠳᠦᠢ ᠢᠢ ᠠᠪᠴᠤ ᠶᠠᠪᠤᠬᠤ ᠵᠠᠯᠠᠭᠤᠴᠤᠳ ᠢ ᠬᠠᠮᠤᠷᠤᠭᠰᠠᠨ ᠣᠯᠠᠨ ᠠᠷᠭ᠎ᠠ ᠬᠡᠮᠵᠢᠶ᠎ᠡ ᠵᠣᠬᠢᠶᠠᠨ ᠪᠠᠢᠢᠭᠤᠯᠬᠤ ᠢᠢᠨ ᠲᠥᠯᠥᠭᠡ ᠪᠠᠢᠢᠭ᠎ᠠ ᠪᠠᠨ ᠶᠡᠷᠦᠩᠬᠡᠢᠢᠯᠡᠭᠴᠢ ᠤ᠊ ∙ ᠬᠦᠷᠡᠯᠰᠦ᠋ᠬᠡ  ᠣᠨᠴᠠᠯᠠᠨ ᠲᠡᠮᠳᠡᠭᠯᠡᠪᠡ᠃ ᠮᠥᠨ ᠣᠢ ᠢᠢ ᠲᠣᠬᠢᠶᠠᠯᠳᠤᠭᠤᠯᠤᠨ ᠶᠠᠫᠣᠨ ᠤ ᠲᠠᠯ᠎ᠠ ᠠᠴᠠ ᠳᠡᠭᠡᠳᠦ᠂ ᠥᠨᠳᠥᠷ ᠲᠦᠪᠰᠢᠨ ᠳᠥ ᠬᠦᠨᠳᠦ ᠲᠡᠢ ᠵᠣᠴᠢᠳ ᠢ ᠬᠦᠯᠢᠶᠡᠨ ᠠᠪᠴᠤ᠂ ᠮᠣᠩ᠋ᠭᠣᠯ᠂ ᠶᠠᠫᠣᠨ ᠤ ᠨᠠᠢᠢᠷᠠᠮᠳᠠᠯ᠂ ᠬᠠᠮᠲᠤ ᠢᠢᠨ ᠠᠵᠢᠯᠯᠠᠭ᠎ᠠ ᠢᠢ ᠪᠠᠲᠤᠳᠬᠠᠨ ᠪᠡᠬᠢᠵᠢᠭᠦᠯᠦᠨ᠎ᠡ ᠬᠡᠮᠡᠨ ᠨᠠᠢᠢᠳᠠᠵᠤ ᠪᠠᠢᠢᠭ᠎ᠠ ᠪᠠᠨ ᠢᠯᠡᠷᠬᠡᠢᠢᠯᠡᠪᠡ᠃

ᠮᠥᠨ ᠶᠠᠫᠣᠨ ᠤᠯᠤᠰ ᠺᠣᠸᠢᠳ᠋ -19 ᠴᠠᠷ᠎ ᠲᠠᠬᠤᠯ ᠤᠨ ᠦᠶ᠎ᠡ ᠳᠥ ᠮᠠᠨ ᠤ ᠤᠯᠤᠰ ᠲᠤ ᠸᠠᠺᠼᠢᠨ ᠤ ᠪᠣᠯᠤᠨ ᠡᠮᠨᠡᠯᠭᠡ ᠢᠢᠨ ᠲᠣᠨᠣᠭ ᠲᠥᠬᠥᠭᠡᠷᠦᠮᠵᠢ ᠢᠢᠨ ᠨᠡᠩ ᠴᠢᠬᠤᠯᠠ ᠳᠡᠮᠵᠢᠯᠭᠡ ᠲᠤᠰᠠᠯᠠᠯᠴᠠᠭ᠎ᠠ ᠦᠵᠡᠭᠦᠯᠵᠦ ᠢᠷᠡᠭᠰᠡᠨ ᠳᠥ ᠲᠠᠯᠠᠷᠬᠠᠯ ᠢᠯᠡᠷᠬᠡᠢᠢᠯᠡᠪᠡ᠃ ᠥᠨᠥ ᠢᠢ ᠬᠦᠷᠲᠡᠯ᠎ᠡ ᠶᠠᠫᠣᠨ ᠤᠯᠤᠰ ᠤᠨ ᠵᠠᠰᠠᠭ ᠤᠨ ᠭᠠᠵᠠᠷ᠂ ᠠᠷᠠᠳ ᠲᠦᠮᠡᠨ ᠦ ᠵᠦᠭ ᠡᠴᠡ ᠦᠵᠡᠭᠦᠯᠵᠦ ᠢᠷᠡᠭᠰᠡᠨ ᠳᠡᠮᠵᠢᠯᠭᠡ ᠲᠤᠰᠠᠯᠠᠮᠵᠢ ᠳᠤ ᠲᠠᠯᠠᠷᠬᠠᠬᠤ ᠢᠢᠨ ᠰᠠᠴᠠᠭᠤ ᠴᠢᠨᠠᠭᠰᠢᠳᠠ ᠬᠠᠷᠢᠯᠴᠠᠨ ᠠᠰᠢᠭᠲᠠᠢ᠂ ᠬᠠᠮᠲᠤ ᠢᠢᠨ ᠠᠵᠢᠯᠯᠠᠭ᠎ᠠ ᠢᠢ ᠲᠦᠯᠬᠢᠭᠦᠦ ᠬᠥᠭ᠍ᠵᠢᠭᠦᠯᠬᠦ ᠢᠢᠨ ᠲᠥᠯᠥᠭᠡ ᠠᠩ᠋ᠬᠠᠷᠴᠤ ᠠᠵᠢᠯᠯᠠᠨ᠎ᠠ ᠭᠡᠪᠡ᠃

ᠶᠠᠫᠣᠨ ᠤᠯᠤᠰ ᠠᠴᠠ ᠰᠤᠷᠤᠯᠴᠠᠬᠤ ᠵᠦᠢᠯ ᠶᠡᠬᠡ ᠪᠠᠢᠢᠭ᠎ᠠ᠃ 《ᠶᠠᠫᠣᠨ ᠯᠤᠭ᠎ᠠ ᠠᠳᠠᠯᠢ ᠬᠥᠭ᠍ᠵᠢᠶ᠎ᠡ》 ᠬᠡᠮᠡᠬᠦ ᠰᠠᠨᠠᠭᠠᠴᠢᠯᠠᠭ᠎ᠠ ᠪᠣᠯ ᠪᠢᠳᠡ ᠪᠦᠬᠦᠨ ᠦ ᠬᠠᠮᠲᠤ ᠢᠢᠨ ᠰᠠᠨᠠᠭᠠᠴᠢᠯᠠᠭ᠎ᠠ ᠭᠡᠵᠦ ᠣᠢᠢᠯᠠᠭᠠᠭᠠᠷᠠᠢ᠃ ᠮᠥᠨ ᠶᠠᠫᠣᠨ ᠤ ᠬᠥᠷᠥᠩᠭᠡ ᠣᠷᠣᠭᠤᠯᠤᠭᠴᠢᠳ ᠮᠣᠩ᠋ᠭᠣᠯ ᠳᠤ ᠣᠯᠠᠨ ᠢᠶᠠᠷ ᠣᠷᠣᠵᠤ ᠢᠷᠡᠭᠡᠰᠡᠢ᠂ ᠬᠣᠶᠠᠷ ᠤᠯᠤᠰ ᠤᠨ ᠬᠤᠪᠢ ᠢᠢᠨ ᠬᠡᠪᠰᠢᠯ ᠢ ᠬᠣᠯᠪᠣᠬᠤ ᠳᠤ ᠡᠯᠴᠢᠨ ᠰᠠᠢᠢᠳ ᠲᠠ ᠮᠠᠨ ᠤ ᠬᠣᠯᠪᠣᠭᠳᠠᠬᠤ ᠪᠠᠢᠢᠭᠤᠯᠤᠯᠭ᠎ᠠ ᠨᠤᠭᠤᠳ ᠲᠠᠢ ᠢᠳᠡᠪᠬᠢᠲᠡᠢ ᠠᠵᠢᠯᠯᠠᠭᠠᠷᠠᠢ ᠬᠡᠮᠡᠨ ᠵᠠᠬᠢᠪᠠ᠃ 《ᠴᠢᠩᠭᠢᠰ ᠬᠠᠭᠠᠨ》 ᠣᠯᠠᠨ ᠤᠯᠤᠰ ᠤᠨ ᠨᠢᠰᠬᠦ ᠪᠠᠭᠤᠳᠠᠯ᠂ ᠶᠠᠫᠣᠨ᠂ ᠮᠣᠩ᠋ᠭᠣᠯ ᠤᠨ ᠰᠤᠷᠭᠠᠯᠲᠠ ᠢᠢᠨ ᠡᠮᠨᠡᠯᠭᠡ ᠰᠢᠭ᠌ ᠬᠣᠶᠠᠷ ᠣᠷᠣᠨ ᠤ ᠬᠠᠮᠲᠤ ᠢᠢᠨ ᠠᠵᠢᠯᠯᠠᠭᠠᠨ ᠤ ᠳᠠᠷᠠᠭ᠎ᠠ ᠳᠠᠷᠠᠭ᠎ᠠ ᠢᠢᠨ ᠲᠥᠰᠥᠯ ᠦᠳ ᠢ ᠬᠠᠮᠲᠤᠷᠠᠨ ᠬᠡᠷᠡᠭᠵᠢᠭᠦᠯᠬᠦ ᠬᠡᠷᠡᠭᠲᠡᠢ᠃ ᠮᠣᠩ᠋ᠭᠣᠯ᠂ ᠶᠠᠫᠣᠨ ᠤ ᠰᠲ᠋ᠷᠠᠲ᠋ᠧᠭᠢ ᠢᠢᠨ ᠲᠦᠩᠰᠢᠯᠡᠯ ᠢ 2017-2021 ᠣᠨ ᠳᠤ ᠪᠡᠬᠢᠵᠢᠭᠦᠯᠬᠦ ᠲᠤᠬᠠᠢ ᠳᠤᠮᠳᠠᠳᠤ ᠬᠤᠭᠤᠴᠠᠭᠠᠨ ᠤ ᠬᠥᠲᠥᠯᠪᠦᠷᠢ ᠬᠡᠷᠡᠭᠵᠢᠭᠡᠳ ᠳᠠᠭᠤᠰᠬᠠᠪᠤᠷᠢ ᠪᠣᠯᠵᠤ ᠪᠠᠢᠢᠨ᠎ᠠ᠃ ᠣᠳᠣ ᠪᠠᠢᠢᠭᠤᠯᠬᠤ ᠪᠠᠷ ᠪᠡᠯᠡᠳᠬᠡᠵᠦ ᠪᠤᠢ ᠰᠢᠨ᠎ᠡ ᠳᠤᠮᠳᠠᠳᠤ ᠬᠤᠭᠤᠴᠠᠭᠠᠨ ᠤ ᠬᠥᠲᠥᠯᠪᠦᠷᠢ (2022-2025) ᠨᠢ ᠪᠢᠳᠡᠨ ᠦ ᠴᠠᠭᠠᠰᠢᠳᠠ ᠢᠢᠨ ᠬᠠᠮᠲᠤ ᠢᠢᠨ ᠠᠵᠢᠯᠯᠠᠭᠠᠨ ᠤ ᠵᠠᠮ ᠤᠨ ᠵᠢᠷᠤᠭ ᠪᠣᠯᠤᠨ᠎ᠠ ᠭᠡᠳᠡᠭ ᠲᠥ ᠢᠲᠡᠭᠡᠯ ᠲᠡᠢ ᠪᠠᠢᠢᠨ᠎ᠠ ᠭᠡᠳ ᠡᠭᠦᠨ ᠲᠡᠢ ᠬᠣᠯᠪᠣᠭᠠᠲᠠᠢ ᠪᠡᠯᠡᠳᠬᠡᠯ ᠠᠵᠢᠯ ᠢ ᠰᠠᠢᠢᠲᠤᠷ ᠬᠠᠩᠭᠠᠵᠤ ᠬᠡᠷᠡᠭᠵᠢᠭᠦᠯᠬᠦ ᠢᠢ ᠭᠠᠳᠠᠭᠠᠳᠤ ᠬᠠᠷᠢᠯᠴᠠᠭᠠᠨ ᠤ ᠶᠠᠮᠤᠨ ᠍ ᠳᠥ ᠡᠭᠦᠷᠭᠡ ᠪᠣᠯᠭᠠᠪᠠ᠃

ᠡᠯᠴᠢᠨ ᠰᠠᠢᠢᠳ ᠬ ∙ ᠺᠣᠪᠠᠶᠠᠱᠢ ᠮᠣᠩ᠋ᠭᠣᠯ ᠤᠯᠤᠰ ᠲᠤ ᠠᠵᠢᠯᠯᠠᠬᠤ ᠬᠤᠭᠤᠴᠠᠭᠠᠨ ᠳᠤ ᠪᠠᠨ ᠮᠣᠩ᠋ᠭᠣᠯ᠂ ᠶᠠᠫᠣᠨ ᠤ ᠡᠳ᠋ ᠍ ᠦᠨ ᠵᠠᠰᠠᠭ᠂ ᠬᠤᠪᠢ ᠢᠢᠨ ᠬᠡᠪᠰᠢᠯ᠂ ᠪᠢᠽᠢᠨ᠋᠋ᠧᠰ ᠦᠨ ᠬᠠᠮᠲᠤ ᠢᠢᠨ ᠠᠵᠢᠯᠯᠠᠭ᠎ᠠ ᠢᠢ ᠢᠳᠡᠪᠬᠢᠲᠡᠢ ᠳᠡᠮᠵᠢᠵᠦ ᠠᠵᠢᠯᠯᠠᠬᠤ ᠪᠠᠨ ᠮᠥᠨ ᠲᠡᠮᠳᠡᠭᠯᠡᠪᠡ᠃