Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊ ∙ ᠬᠦᠷᠡᠯᠰᠦ᠋ᠬᠡ 2021-2022 ᠣᠨ ᠤ ᠬᠢᠴᠢᠶᠡᠯ ᠦᠨ ᠰᠢᠨ᠎ᠡ ᠵᠢᠯ ᠳᠥ ᠵᠣᠷᠢᠭᠤᠯᠤᠨ ᠮᠡᠨᠳᠦᠴᠢᠯᠡᠭᠡ ᠳᠡᠪᠰᠢᠭᠦᠯᠦᠯ᠎ᠡ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤᠬᠤᠨ᠎ᠠ ᠢᠢᠨ ᠬᠦᠷᠡᠯᠰᠦ᠋ᠬᠡ 2021-2022 ᠣᠨ ᠤ ᠬᠢᠴᠢᠶᠡᠯ ᠦᠨ ᠰᠢᠨ᠎ᠡ ᠵᠢᠯ ᠳᠥ ᠵᠣᠷᠢᠭᠤᠯᠤᠨ ᠮᠡᠨᠳᠦᠴᠢᠯᠡᠭᠡ ᠳᠡᠪᠰᠢᠭᠦᠯᠦᠯ᠎ᠡ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠮᠡᠨᠳᠦᠴᠢᠯᠡᠭᠡ ᠄
ᠡᠷᠬᠢᠮ ᠬᠡᠦᠬᠡᠳ ᠪᠠᠭᠠᠴᠤᠳ᠂ ᠰᠤᠷᠤᠭᠴᠢ ᠣᠶᠤᠲᠠᠨ᠂ ᠪᠠᠭᠰᠢ ᠰᠤᠷᠭᠠᠨ ᠬᠦᠮᠦᠵᠢᠭᠦᠯᠦᠭᠴᠢ᠂ ᠡᠴᠢᠭᠡ ᠡᠬᠡᠴᠦᠳ ᠲᠠ ᠪᠦᠬᠦᠨ ᠳᠥ ᠬᠢᠴᠢᠶᠡᠯ ᠦᠨ ᠰᠢᠨ᠎ᠡ ᠵᠢᠯ ᠦᠨ ᠮᠡᠨᠳᠦ ᠢᠢ ᠳᠡᠪᠰᠢᠭᠦᠯᠦᠶ᠎ᠡ!

ᠵᠤᠨ ᠤ ᠠᠮᠠᠷᠠᠯᠲᠠ ᠳᠠᠭᠤᠰᠴᠤ 09  ᠳᠦᠭᠡᠷ ᠰᠠᠷ᠎ᠠ ᠢᠢᠨ 01 ᠍ ᠦ ᠡᠳᠦᠷ ᠰᠤᠷᠭᠠᠭᠤᠯᠢ ᠳᠠᠭᠠᠨ ᠣᠴᠢᠬᠤ ᠭᠡᠵᠦ ᠬᠡᠦᠬᠡᠳ ᠪᠦᠷᠢ ᠶᠠᠭᠠᠷᠠᠵᠤ᠂ ᠳᠣᠭᠳᠣᠯᠳᠠᠭ᠃ ᠳᠡᠯᠡᠬᠡᠢ  ᠳᠠᠬᠢᠨ ᠢ ᠬᠠᠮᠤᠷᠤᠭᠰᠠᠨ ᠴᠠᠷ᠎ ᠲᠠᠬᠤᠯ ᠤᠨ ᠤᠯᠠᠮ ᠠᠴᠠ ᠬᠣᠶᠠᠷ ᠵᠢᠯ ᠰᠢᠬᠠᠭᠤ ᠲᠠᠩᠬᠢᠮ ᠤᠨ ᠰᠤᠷᠭᠠᠯᠲᠠ ᠠᠴᠠ ᠬᠣᠯᠠᠳᠠᠭᠰᠠᠨ ᠪᠣᠯᠬᠣᠯᠠᠷ ᠡᠨᠡ ᠵᠢᠯ ᠲᠠ ᠪᠦᠬᠦᠨ ᠰᠤᠷᠭᠠᠭᠤᠯᠢ ᠲᠠᠩᠬᠢᠮ ᠢᠶᠠᠨ ᠬᠠᠷᠠᠬᠤ ᠭᠡᠵᠦ᠂ ᠠᠩᠬᠢ ᠢᠢᠨ ᠨᠠᠢᠢᠵᠠ ᠨᠥᠬᠥᠳ᠂ ᠪᠠᠭᠰᠢ ᠲᠠᠢ ᠪᠠᠨ ᠤᠴᠠᠷᠠᠬᠤ ᠭᠡᠵᠦ ᠶᠠᠭᠠᠷᠠᠵᠤ ᠳᠣᠭᠳᠣᠯᠤᠭᠰᠠᠨ ᠨᠢ ᠲᠣᠳᠣᠷᠬᠠᠢ᠃

ᠺᠣᠸᠢᠳ᠋-19 ᠴᠠᠷ᠎ ᠲᠠᠬᠤᠯ ᠤᠨ ᠲᠠᠷᠬᠠᠯᠲᠠ ᠢᠢ ᠵᠣᠭᠰᠣᠭᠠᠬᠤ ᠵᠣᠷᠢᠯᠭ᠎ᠠ ᠪᠠᠷ ᠨᠡᠢᠢᠲᠡ ᠢᠢᠨ ᠡᠷᠡᠭᠦᠯ ᠮᠡᠨᠳᠦ ᠢᠢᠨ ᠲᠥᠯᠥᠭᠡ ᠠᠪᠴᠤ ᠬᠡᠷᠡᠭᠵᠢᠭᠦᠯᠵᠦ ᠪᠤᠢ ᠠᠷᠭ᠎ᠠ ᠬᠡᠮᠵᠢᠶᠡᠨ ᠦ ᠨᠢᠭᠡ ᠪᠣᠯᠬᠤ ᠰᠤᠷᠭᠠᠭᠤᠯᠢ ᠢᠢᠨ ᠲᠠᠩᠬᠢᠮ ᠤᠨ ᠰᠤᠷᠭᠠᠯᠲᠠ ᠢᠢ ᠵᠣᠭᠰᠣᠭᠠᠭᠰᠠᠨ ᠠᠴᠠ ᠳᠡᠯᠡᠬᠡᠢ ᠳᠠᠶᠠᠭᠠᠷ ᠪᠣᠯᠪᠠᠰᠤᠷᠠᠯ ᠤᠨ ᠰᠢᠰᠲ᠋ᠧᠮ ᠳᠥ ᠤᠷᠢᠳ ᠡᠮᠦᠨ᠎ᠡ ᠪᠠᠢᠢᠭ᠎ᠠ ᠦᠭᠡᠢ ᠰᠣᠷᠢᠯᠲᠠ ᠨᠤᠭᠤᠳ ᠲᠤᠯᠭᠠᠷᠠᠭᠠᠳ ᠪᠠᠢᠢᠭ᠎ᠠ᠃

ᠶᠡᠷᠦᠩᠬᠡᠢ ᠪᠣᠯᠪᠠᠰᠤᠷᠠᠯ ᠤᠨ ᠰᠤᠷᠭᠠᠭᠤᠯᠢ ᠢᠢᠨ ᠰᠤᠷᠤᠭᠴᠢᠳ ᠤᠨ ᠰᠤᠷᠤᠯᠭ᠎ᠠ ᠢᠢᠨ ᠬᠣᠴᠣᠷᠤᠭᠳᠠᠯ ᠢ ᠠᠷᠢᠯᠭᠠᠬᠤ ᠴᠣᠭᠴᠠ ᠲᠥᠯᠥᠪᠯᠡᠭᠡ ᠢᠢ ᠣᠷᠣᠨ ᠳᠠᠶᠠᠭᠠᠷ ᠵᠢᠭᠳᠡ᠂ ᠴᠢᠨᠠᠷᠲᠠᠢ ᠬᠡᠷᠡᠭᠵᠢᠭᠦᠯᠬᠦ ᠳᠥ ᠣᠨᠴᠣᠭᠣᠢ ᠠᠩᠬᠠᠷᠬᠤ ᠱᠠᠭᠠᠷᠳᠠᠯᠭ᠎ᠠ ᠡᠭᠦᠰᠦᠭᠰᠡᠨ ᠪᠠᠢᠢᠨ᠎ᠠ᠃

ᠪᠢᠳᠡ ᠪᠡᠷᠬᠡᠰᠢᠶᠡᠯ ᠳᠤᠮᠳᠠ ᠠᠴᠠ ᠪᠣᠯᠤᠮᠵᠢ ᠢᠢ ᠣᠯᠵᠤ ᠬᠠᠷᠠᠵᠤ ᠴᠢᠳᠠᠬᠤ ᠨᠢ ᠴᠢᠬᠤᠯᠠ ᠶᠤᠮ᠃ ᠴᠢᠨᠠᠭᠰᠢᠳᠠ ᠴᠠᠷ᠎ ᠲᠠᠬᠤᠯ ᠤᠨ ᠳᠠᠷᠠᠭᠠᠬᠢ ᠪᠣᠯᠪᠠᠰᠤᠷᠠᠯ ᠤᠨ ᠦᠢᠯᠡ ᠠᠵᠢᠯᠯᠠᠭ᠎ᠠ ᠢᠢ ᠲᠠᠩᠬᠢᠮ᠂ ᠵᠠᠢ ᠢᠢᠨ ᠰᠤᠷᠭᠠᠯᠲᠠ ᠢᠢ ᠬᠣᠣᠰᠯᠠᠭᠤᠯᠤᠨ ᠵᠣᠬᠢᠶᠠᠨ ᠪᠠᠢᠢᠭᠤᠯᠵᠤ ᠮᠡᠳᠡᠭᠡᠯᠡᠯ᠂ ᠬᠠᠷᠢᠯᠴᠠᠭ᠎ᠠ ᠬᠣᠯᠪᠣᠭᠠᠨ ᠤ ᠲᠧᠭᠨᠣᠯᠣᠭᠢ ᠢᠢᠨ ᠣᠯᠤᠯᠲᠠ ᠢᠢ ᠠᠰᠢᠭᠯᠠᠨ ᠪᠣᠯᠪᠠᠰᠤᠷᠠᠯ ᠤᠨ ᠲᠡᠭᠰᠢ ᠪᠣᠯᠤᠮᠵᠢ ᠢᠢ ᠡᠭᠦᠰᠭᠡᠬᠦ᠂ ᠰᠠᠢᠢᠨ ᠪᠠᠭᠰᠢ ᠢᠢᠨ ᠬᠢᠴᠢᠶᠡᠯ ᠢ ᠬᠡᠦᠬᠡᠳ ᠪᠦᠷ ᠦᠵᠡᠬᠦ ᠪᠣᠯᠤᠮᠵᠢ ᠪᠠᠷ ᠬᠠᠩ᠋ᠭᠠᠬᠤ ᠳᠤ ᠠᠩ᠋ᠬᠠᠷᠤᠨ ᠵᠠᠢ ᠢᠢᠨ ᠰᠤᠷᠭᠠᠯᠲᠠ ᠢᠢᠨ ᠴᠣᠭᠴᠠ ᠰᠲ᠋ᠷᠠᠲ᠋ᠧᠭᠢ ᠢᠢ ᠪᠣᠯᠪᠠᠰᠤᠷᠠᠭᠤᠯᠤᠨ ᠬᠡᠷᠡᠭᠵᠢᠭᠦᠯᠬᠦ ᠨᠢ ᠵᠦᠢᠲᠡᠢ᠃ ᠢᠩᠭᠢᠬᠦ ᠳᠥ ᠪᠡᠨ ᠬᠡᠦᠬᠡᠳ ᠪᠦᠷᠢ ᠵᠠᠢ ᠢᠢᠨ ᠰᠤᠷᠭᠠᠯᠲᠠ ᠳᠤ ᠬᠠᠮᠤᠷᠤᠭᠳᠠᠬᠤ ᠪᠣᠯᠤᠮᠵᠢ ᠢᠢ ᠰᠤᠳᠤᠯᠵᠤ᠂ ᠱᠠᠲᠤ ᠳᠠᠷᠠᠭ᠎ᠠ ᠲᠠᠢ ᠬᠡᠷᠡᠭᠵᠢᠭᠦᠯᠬᠦ ᠬᠡᠷᠡᠭᠲᠡᠢ᠃

ᠮᠣᠩ᠋ᠭᠣᠯ  ᠤᠨ ᠢᠷᠡᠭᠡᠳᠦᠢ ᠪᠣᠯᠤᠭᠰᠠᠨ ᠬᠡᠦᠬᠡᠳ ᠪᠠᠭᠠᠴᠤᠳ᠂ ᠣᠶᠤᠲᠠᠨ ᠵᠠᠯᠠᠭᠤᠰ ᠠ᠋!

ᠮᠣᠩ᠋ᠭᠣᠯᠴᠤᠳ ᠡᠷᠲᠡᠨ ᠡᠴᠡ 《ᠡᠷᠳᠡᠮ ᠨᠣᠮ ᠳᠡᠭᠡᠳᠦ ᠪᠠᠶᠠᠨ》 ᠬᠡᠮᠡᠨ ᠡᠷᠳᠡᠮ ᠮᠡᠳᠡᠯᠭᠡ᠂ ᠪᠣᠯᠪᠠᠰᠤᠷᠠᠯ ᠢ ᠴᠢᠬᠤᠯᠠᠴᠢᠯᠠᠨ ᠳᠡᠭᠡᠳᠦᠯᠡᠵᠦ ᠢᠷᠡᠭᠰᠡᠨ ᠪᠢᠯᠡ᠃

ᠪᠡᠶ᠎ᠡ᠂ ᠬᠡᠯᠡ᠂ ᠰᠡᠳᠬᠢᠯ ᠡᠴᠡ ᠬᠠᠮᠤᠭ ᠤᠨ ᠡᠷᠬᠢᠮ ᠨᠢ ᠰᠡᠳᠬᠢᠯ ᠶᠤᠮ᠃ ᠬᠦᠮᠦᠨ ᠦ ᠰᠡᠳᠬᠢᠯ ᠰᠤᠷᠬᠤ᠂ ᠮᠡᠳᠡᠬᠦ ᠳᠥ ᠲᠤᠢᠢᠯᠪᠤᠷᠢᠲᠠᠢ ᠵᠦᠭᠯᠡᠵᠦ ᠴᠢᠳᠠᠪᠠᠰᠤ ᠵᠣᠷᠢᠭᠰᠠᠨ ᠡᠷᠳᠡᠮ᠂ ᠦᠢᠯᠡᠰ ᠪᠦᠲᠦᠳᠡᠭ ᠵᠢᠮ᠎ᠠ ᠲᠠᠢ᠃ ᠡᠷᠳᠡᠮ ᠢ ᠬᠢᠴᠢᠶᠡᠯ ᠢᠶᠡᠷ ᠰᠤᠷᠳᠠᠭ ᠭᠡᠳᠡᠭ ᠢ ᠪᠢᠳᠡ ᠪᠥᠭᠥᠳᠡᠭᠡᠷ ᠢᠶᠡᠨ ᠮᠡᠳᠡᠨ᠎ᠡ᠃

ᠬᠦᠮᠦᠨ ᠥᠪᠡᠷ ᠦᠨ ᠢᠶᠡᠨ ᠲᠤᠬᠠᠢ ᠡᠷᠭᠢᠴᠡᠭᠦᠯᠵᠦ᠂ ᠬᠡᠨ ᠪᠣᠯᠬᠤ ᠪᠠᠨ ᠲᠣᠳᠣᠷᠬᠠᠢᠢᠯᠠᠵᠤ᠂ ᠬᠡᠷᠬᠢᠨ ᠵᠣᠷᠢᠯᠭ᠎ᠠ ᠳᠤ ᠪᠠᠨ ᠬᠦᠷᠡᠬᠦ ᠪᠡᠨ ᠮᠡᠳᠡᠳᠡᠭ ᠪᠣᠯᠤᠭᠰᠠᠨ ᠢᠶᠠᠷ ᠥᠪᠡᠷ ᠦᠨ ᠬᠦᠰᠡᠯ ᠰᠣᠨᠢᠷᠬᠠᠯ᠂ ᠵᠠᠩ ᠴᠢᠨᠠᠷ ᠲᠤ ᠨᠡᠢᠢᠴᠡᠭᠰᠡᠨ ᠮᠡᠷᠭᠡᠵᠢᠯ ᠢᠶᠡᠨ ᠵᠥᠪ ᠰᠣᠩ᠋ᠭᠣᠨ᠂ ᠲᠤᠢᠢᠯᠪᠤᠷᠢᠲᠠᠢ ᠬᠢᠴᠢᠶᠡᠩᠭᠦᠢᠢᠯᠡᠨ ᠰᠤᠷᠤᠯᠴᠠᠭᠰᠠᠨ ᠢᠶᠠᠷ ᠮᠡᠷᠭᠡᠵᠢᠯ ᠳᠥ ᠪᠡᠨ ᠡᠵᠡᠨ ᠪᠣᠯᠵᠤ᠂ ᠠᠵᠢᠯ ᠳᠤ ᠪᠠᠨ ᠠᠮᠵᠢᠯᠲᠠ ᠭᠠᠷᠭᠠᠵᠤ᠂ ᠠᠮᠢᠳᠤᠷᠠᠯ ᠳᠤ ᠪᠠᠨ ᠠᠵᠠ ᠵᠢᠷᠭᠠᠯ ᠢ ᠮᠡᠳᠡᠷᠡᠵᠦ᠂ ᠨᠠᠰᠤᠨ ᠲᠤᠷᠰᠢᠳᠠ ᠪᠠᠨ ᠰᠡᠳᠬᠢᠯ ᠬᠠᠩ᠋ᠭᠠᠯᠤᠭᠤᠨ ᠠᠮᠢᠳᠤᠷᠠᠳᠠᠭ ᠵᠢᠮ᠎ᠠ ᠲᠠᠢ᠃

ᠠᠭᠤᠳᠠᠮ ᠰᠡᠳᠬᠢᠵᠦ᠂ ᠲᠣᠮᠣ ᠪᠠᠷ ᠮᠥᠷᠥᠭᠡᠳᠴᠦ᠂ ᠠᠯᠤᠰ ᠲᠤ ᠵᠣᠷᠢᠵᠤ᠂ ᠵᠣᠷᠢᠯᠭ᠎ᠠ ᠳᠤ ᠪᠠᠨ ᠢᠲᠡᠭᠡᠵᠦ᠂ ᠴᠢᠩ ᠰᠡᠳᠬᠢᠯ ᠢᠶᠡᠷ ᠵᠢᠳᠬᠦᠭ᠍ᠰᠡᠨ ᠬᠦᠮᠦᠨ ᠠᠮᠵᠢᠯᠲᠠ ᠳᠤ ᠬᠦᠷᠡᠳᠡᠭ᠃ ᠵᠠᠯᠠᠭᠤᠰ ᠲᠠ ᠪᠦᠬᠦᠨ ᠢ ᠡᠨᠡᠬᠦ ᠦᠭᠡ ᠢᠢ ᠰᠠᠢᠢᠲᠤᠷ ᠲᠤᠩ᠋ᠭᠠᠨ ᠪᠣᠳᠣᠵᠤ ᠮᠥᠷᠥᠭᠡᠳᠦᠯ ᠲᠡᠢ ᠪᠠᠢᠢᠵᠤ᠂ ᠮᠡᠷᠭᠡᠵᠢᠯ ᠳᠥ ᠪᠡᠨ ᠡᠵᠡᠨ ᠪᠣᠯᠬᠤ ᠢᠢ ᠬᠢᠴᠢᠶᠡᠩᠭᠦᠢᠢᠯᠡᠨ ᠵᠠᠬᠢᠵᠤ ᠪᠠᠢᠢᠨ᠎ᠠ᠃

ᠡᠷᠬᠢᠮ ᠪᠠᠭᠰᠢ᠂ ᠰᠤᠷᠭᠠᠨ ᠬᠦᠮᠦᠵᠢᠭᠦᠯᠦᠭᠴᠢᠳ᠂ ᠡᠴᠢᠭᠡ᠂ ᠡᠬᠡᠴᠦᠳ ᠡ!

ᠮᠣᠩ᠋ᠭᠣᠯᠴᠤᠳ ᠪᠠᠭᠰᠢ᠂ ᠡᠴᠢᠭᠡ᠂ ᠡᠬᠡ ᠭᠤᠷᠪᠠ ᠢᠢ ᠭᠤᠷᠪᠠᠨ ᠠᠴᠢᠲᠠᠨ ᠬᠡᠮᠡᠨ ᠦᠷᠭᠦᠯᠵᠢ ᠳᠡᠭᠡᠳᠦᠯᠡᠨ ᠬᠦᠨᠳᠦᠯᠡᠬᠦ ᠶᠣᠰᠣᠲᠠᠢ ᠢᠢ ᠰᠤᠷᠭᠠᠵᠤ ᠢᠷᠡᠭᠰᠡᠨ ᠪᠢᠯᠡ᠃ 《ᠱᠠᠪᠢ ᠢᠢᠨ ᠡᠷᠳᠡᠮ ᠪᠠᠭᠰᠢ ᠠᠴᠠ᠂ ᠵᠤᠯᠠ ᠢᠢᠨ ᠭᠡᠷᠡᠯ ᠲᠣᠰᠤᠨ ᠠᠴᠠ》 ᠭᠡᠰᠡᠨ ᠵᠦᠢᠷ ᠰᠡᠴᠡᠨ ᠦᠭᠡ ᠪᠤᠢ᠃ ᠪᠣᠯᠪᠠᠰᠤᠷᠠᠯ ᠤᠨ ᠰᠠᠯᠪᠤᠷᠢ ᠢᠢᠨ ᠴᠢᠨᠠᠷ ᠤᠨ ᠰᠠᠭᠤᠷᠢ ᠨᠢ ᠰᠠᠢᠢᠨ ᠪᠠᠭᠰᠢ᠂ ᠰᠤᠷᠬᠤ ᠡᠷᠡᠮᠡᠯᠵᠡᠯ ᠲᠡᠢ ᠰᠤᠷᠤᠯᠴᠠᠭᠴᠢ ᠶᠤᠮ᠃ ᠰᠠᠢᠢᠨ ᠪᠠᠭᠰᠢ ᠠᠴᠠ ᠴᠢᠳᠠᠪᠤᠷᠢᠯᠢᠬ ᠱᠠᠪᠢ ᠲᠥᠷᠦᠵᠦ᠂ ᠴᠢᠳᠠᠪᠤᠷᠢᠯᠢᠬ ᠢᠷᠭᠡᠳ ᠡᠴᠡ ᠤᠯᠤᠰ ᠤᠨ ᠬᠥᠭ᠍ᠵᠢᠯ ᠬᠠᠮᠢᠶᠠᠷᠤᠨ᠎ᠠ᠃

ᠪᠠᠭᠰᠢᠯᠠᠬᠤᠢ ᠠᠴᠠ ᠰᠤᠷᠤᠯᠴᠠᠬᠤᠢ ᠳᠤ᠂ ᠦᠢᠯᠡ ᠶᠠᠪᠤᠴᠠ ᠳᠤ ᠰᠠᠭᠤᠷᠢᠯᠠᠭᠰᠠᠨ ᠰᠤᠷᠭᠠᠯᠲᠠ ᠠᠴᠠ ᠦᠷ᠎ᠡ ᠳ᠋ᠦᠩ ᠳᠥ ᠰᠠᠭᠤᠷᠢᠯᠠᠭᠰᠠᠨ ᠰᠤᠷᠭᠠᠯᠲᠠ ᠢᠢᠨ ᠲᠣᠭᠲᠠᠯᠴᠠᠭᠠᠨ ᠳᠤ ᠰᠢᠯᠵᠢᠵᠦ ᠪᠠᠢᠢᠭ᠎ᠠ ᠡᠨᠡ ᠦᠶ᠎ᠡ ᠳᠥ ᠡᠷᠳᠡᠮᠲᠡᠨ ᠪᠠᠭᠰᠢ᠂ ᠰᠤᠷᠭᠠᠨ ᠬᠦᠮᠦᠵᠢᠭᠦᠯᠦᠭᠴᠢ ᠲᠠ ᠪᠦᠬᠦᠨ ᠥᠪᠡᠷᠰᠡᠳ ᠢ ᠪᠡᠨ ᠪᠠᠢᠢᠩ᠋ᠭᠤ ᠴᠢᠳᠠᠪᠬᠢᠵᠢᠭᠤᠯᠵᠤ᠂ ᠱᠠᠪᠢ ᠨᠠᠷ ᠤᠨ ᠢᠶᠠᠨ ᠰᠤᠷᠬᠤ ᠬᠦᠰᠡᠯ ᠡᠷᠡᠮᠡᠯᠵᠡᠯ ᠢ ᠪᠠᠳᠠᠷᠠᠭᠠᠭᠵᠤ᠂ ᠰᠤᠷᠤᠯᠴᠠᠬᠤ ᠦᠢᠯᠡ ᠶᠠᠪᠤᠴᠠ ᠳᠤ ᠨᠢ ᠲᠤᠰᠠᠯᠠᠭᠴᠢ᠂ ᠵᠥᠪᠯᠡᠭᠴᠢ ᠨᠢ ᠪᠠᠢᠢᠵᠤ᠂ ᠮᠡᠷᠭᠡᠵᠢᠯ ᠳᠥ ᠪᠡᠨ ᠡᠵᠡᠨ ᠪᠣᠯᠵᠤ᠂ ᠮᠥᠷᠥᠭᠡᠳᠦᠯ ᠢᠶᠡᠨ ᠪᠡᠶᠡᠯᠡᠭᠦᠯᠦᠨ ᠢᠷᠡᠭᠡᠳᠦᠢ ᠪᠡᠨ ᠪᠦᠲᠦᠭᠡᠬᠦ ᠳᠥ ᠨᠢ ᠲᠤᠰᠯᠠᠭᠠᠷᠠᠢ᠃

ᠮᠣᠩ᠋ᠭᠣᠯ ᠬᠦᠮᠦᠨ ᠪᠣᠯᠭᠠᠨ ᠲᠥᠯᠦᠪᠰᠢᠭᠦᠯᠬᠦ ᠳᠥ ᠪᠦᠬᠦ ᠱᠠᠲᠤᠨ ᠤ ᠠᠯᠪᠠᠨ ᠪᠣᠯᠪᠠᠰᠤᠷᠠᠯ ᠠᠴᠠ ᠭᠠᠳᠠᠨ᠎ᠠ ᠠᠮᠢᠳᠤᠷᠠᠬᠤ ᠤᠷᠴᠢᠨ ᠳᠤ ᠰᠤᠷᠤᠯᠴᠠᠬᠤ ᠨᠢ ᠴᠢᠬᠤᠯᠠ ᠶᠤᠮ᠃ ᠡᠭᠦᠨ ᠳᠥ ᠪᠠᠭᠰᠢ᠂ ᠰᠤᠷᠭᠠᠯᠲᠠ ᠢᠢᠨ ᠪᠠᠢᠢᠭᠤᠯᠤᠯᠭ᠎ᠠ ᠠᠴᠠ ᠭᠠᠳᠠᠨ᠎ᠠ ᠡᠴᠢᠭᠡ ᠡᠬᠡᠴᠦᠳ ᠲᠠ ᠪᠦᠬᠦᠨ ᠦ ᠡᠭᠦᠷᠭᠡ ᠦᠯᠡᠮᠵᠢ ᠶᠡᠬᠡ ᠭᠡᠳᠡᠭ ᠢ ᠰᠠᠨᠠᠭᠠᠷᠠᠢ᠃

ᠮᠣᠩ᠋ᠭᠣᠯ ᠤᠯᠤᠰ ᠣᠶᠤᠨ ᠤ ᠴᠢᠳᠠᠪᠬᠢ ᠪᠠᠷ ᠢᠶᠠᠨ ᠳᠡᠯᠡᠬᠡᠢ ᠳᠥ 12 ᠳ᠋ᠤᠭᠠᠷ ᠲᠤ᠂ ᠨᠠᠰᠤᠨ ᠬᠦᠷᠡᠭᠴᠢᠳ ᠦᠨ ᠪᠢᠴᠢᠭ᠌ ᠦᠰᠦᠭ ᠲᠠᠢᠢᠯᠤᠭᠳᠠᠯᠲᠠ ᠪᠠᠷ 11  ᠳᠦᠭᠡᠷ ᠪᠠᠢᠢᠷᠢ ᠳᠤ ᠪᠠᠢᠢᠭ᠎ᠠ ᠬᠡᠳᠦᠢ ᠴᠤ ᠬᠦᠮᠦᠨ ᠦ ᠬᠥᠭ᠍ᠵᠢᠯ ᠦᠨ ᠢᠨ᠋ᠳᠧᠺᠰ ᠢᠶᠡᠷ 189 ᠣᠷᠣᠨ ᠠᠴᠠ 92᠂ ᠪᠣᠯᠪᠠᠰᠤᠷᠠᠯ ᠤᠨ ᠢᠨ᠋ᠳᠧᠺᠰ ᠢᠶᠡᠷ ᠢᠶᠡᠨ 189 ᠣᠷᠣᠨ ᠠᠴᠠ 103᠂ ᠥᠷᠢᠰᠥᠯᠳᠥᠬᠦ ᠴᠢᠳᠠᠪᠤᠷᠢ ᠢᠢᠨ ᠢᠨ᠋ᠳᠧᠺᠰ ᠢᠶᠡᠷ ᠢᠶᠡᠨ 141 ᠣᠷᠣᠨ ᠠᠴᠠ 102᠂ ᠣᠶᠤᠨ ᠤ ᠴᠢᠳᠠᠪᠬᠢ ᠪᠠᠨ ᠬᠡᠷᠡᠭᠯᠡᠬᠦ ᠤᠷ᠎ᠠ ᠴᠢᠳᠠᠪᠤᠷᠢ ᠪᠠᠷ 49᠂ ᠮᠡᠳᠡᠯᠭᠡ ᠴᠢᠳᠠᠪᠤᠷᠢ ᠪᠠᠨ ᠬᠥᠭ᠍ᠵᠢᠭᠦᠯᠬᠦ ᠦᠵᠡᠭᠦᠯᠦᠯᠲᠡ ᠪᠡᠷ 59  ᠳᠦᠭᠡᠷ ᠲᠥ ᠣᠷᠣᠵᠤ ᠪᠠᠢᠢᠨ᠎ᠠ᠃

ᠮᠣᠩ᠋ᠭᠣᠯ ᠤᠯᠤᠰ᠂ ᠰᠢᠨᠵᠢᠯᠡᠬᠦ ᠤᠬᠠᠭᠠᠨ᠂ ᠲᠧᠭᠨᠣᠯᠣᠭᠢ ᠢᠢᠨ ᠲᠦᠪᠰᠢᠨ ᠢᠶᠡᠨ ᠠᠬᠢᠭᠤᠯᠬᠤ ᠳᠤ ᠵᠥᠪᠬᠡᠨ ᠡᠬᠡ ᠣᠷᠣᠨ ᠳᠤ ᠪᠠᠨ ᠠᠵᠢᠯᠯᠠᠵᠤ ᠠᠮᠢᠳᠤᠷᠠᠵᠤ ᠪᠠᠢᠢᠭ᠎ᠠ ᠡᠷᠳᠡᠮᠲᠡᠨ᠂ ᠰᠤᠳᠤᠯᠤᠭᠠᠴᠢᠳ ᠠᠴᠠ ᠭᠠᠳᠠᠨ᠎ᠠ ᠬᠢᠯᠢ ᠢᠢᠨ ᠴᠢᠨᠠᠳᠤ ᠳᠤ ᠣᠷᠣᠰᠢᠨ ᠰᠠᠭᠤᠭ᠎ᠠ ᠮᠡᠷᠭᠡᠵᠢᠯᠲᠡᠨ ᠨᠦᠭᠦᠳ ᠢᠶᠡᠨ ᠵᠠᠢ ᠠᠴᠠ ᠲᠠᠲᠠᠨ ᠣᠷᠤᠯᠴᠠᠭᠤᠯᠵᠤ ᠬᠢᠯᠢ ᠬᠢᠵᠠᠭᠠᠷ ᠦᠭᠡᠢ ᠣᠶᠤᠨ ᠤ ᠳᠡᠳ᠋ ᠪᠦᠲᠦᠴᠡ ᠡᠭᠦᠰᠭᠡᠬᠦ ᠨᠢ ᠵᠦᠢᠲᠡᠢ᠃

ᠮᠣᠩ᠋ᠭᠣᠯ ᠬᠦᠮᠦᠨ ᠦ ᠳᠡᠯᠡᠬᠡᠢ ᠳᠥ ᠥᠷᠢᠰᠦᠯᠳᠡᠬᠦ ᠴᠢᠳᠠᠪᠤᠷᠢ ᠢᠢ ᠨᠡᠮᠡᠭᠳᠡᠭᠦᠯᠬᠦ᠂ ᠬᠡᠦᠬᠡᠳ ᠵᠠᠯᠠᠭᠤᠴᠤᠳ ᠤᠨ ᠰᠤᠷᠤᠯᠴᠠᠬᠤ ᠲᠡᠭᠰᠢ ᠪᠣᠯᠤᠮᠵᠢ ᠢᠢ ᠬᠠᠩ᠋ᠭᠠᠬᠤ᠂ ᠣᠯᠠᠨ ᠤᠯᠤᠰ ᠤᠨ ᠲᠦᠪᠰᠢᠨ ᠳᠥ ᠰᠢᠨᠵᠢᠯᠡᠬᠦ ᠤᠬᠠᠭᠠᠨ ᠤ ᠮᠡᠳᠡᠯᠭᠡ ᠪᠡᠷ ᠥᠷᠢᠰᠥᠯᠳᠥᠬᠦ ᠴᠢᠳᠠᠪᠤᠷᠢ ᠢᠢ ᠳᠡᠮᠵᠢᠬᠦ ᠵᠣᠷᠢᠯᠭ᠎ᠠ ᠪᠠᠷ ᠮᠣᠩ᠋ᠭᠣᠯ ᠤᠯᠤᠰ ᠤᠨ ᠰᠤᠮᠤ᠂ ᠬᠣᠷᠢᠶ᠎ᠠ ᠪᠦᠷᠢ ᠡᠴᠡ ᠰᠢᠯᠭᠠᠷᠠᠭᠰᠠᠨ ᠰᠢᠯᠢᠳᠡᠭ ᠢᠷᠭᠡᠨ ᠳᠥ ᠶᠡᠷᠦᠩᠬᠡᠢᠢᠯᠡᠭᠴᠢ ᠢᠢᠨ ᠨᠡᠷᠡᠮᠵᠢᠲᠦ ᠰᠤᠷᠭᠠᠯᠲᠠ ᠢᠢᠨ ᠲᠡᠳᠬᠦᠯᠭᠡ ᠣᠯᠭᠣᠬᠤ ᠪᠣᠯᠤᠨ ᠣᠯᠠᠨ ᠤᠯᠤᠰ ᠤᠨ ᠣᠯᠢᠮᠫᠢᠶᠠᠳ᠋ ᠍ ᠲᠤ ᠠᠮᠵᠢᠯᠲᠠ ᠲᠠᠢ ᠤᠷᠤᠯᠴᠠᠬᠤ ᠨᠥᠬᠥᠴᠡᠯ ᠢ ᠪᠦᠷᠢᠳᠦᠭᠦᠯᠬᠦ ᠢᠢᠨ ᠲᠤᠯᠠᠳᠠ ᠶᠡᠷᠦᠩᠬᠡᠢᠢᠯᠡᠭᠴᠢ ᠮᠢᠨᠦ ᠪᠡᠶ᠎ᠡ ᠤᠷᠮᠠᠰᠢᠭᠤᠯᠤᠯ ᠤᠨ ᠠᠰᠠᠭᠤᠳᠠᠯ ᠢᠶᠠᠷ ᠵᠠᠷᠯᠢᠭ ᠭᠠᠷᠭᠠᠭᠰᠠᠨ ᠢᠶᠠᠨ ᠬᠢᠴᠢᠶᠡᠯ ᠦᠨ ᠰᠢᠨ᠎ᠡ ᠵᠢᠯ ᠦᠨ ᠪᠠᠶᠠᠷ ᠲᠤ ᠡᠨᠡ ᠡᠳᠦᠷ ᠳᠠᠭᠤᠯᠭᠠᠵᠤ ᠪᠠᠢᠢᠨ᠎ᠠ᠃

ᠮᠣᠩ᠋ᠭᠣᠯ ᠬᠦᠮᠦᠨ ᠦ ᠦᠨ᠎ᠡ ᠴᠡᠨ᠎ᠠ ᠳᠡᠯᠡᠬᠡᠢ ᠳᠥ ᠦᠨᠡᠯᠡᠭᠳᠡᠵᠦ᠂ ᠮᠣᠩ᠋ᠭᠣᠯ ᠣᠷᠣᠨ ᠤ ᠬᠥᠭ᠍ᠵᠢᠯ ᠪᠠᠳᠮᠠᠯᠠᠨ ᠪᠠᠳᠠᠷᠠᠬᠤ ᠪᠣᠯᠲᠤᠭᠠᠢ!

ᠪᠠᠭᠰᠢ᠂ ᠣᠶᠤᠲᠠᠨ᠂ ᠰᠤᠷᠤᠭᠴᠢᠳ᠂ ᠨᠡᠢᠢᠲᠡ ᠠᠷᠠᠳ ᠢᠷᠭᠡᠳ ᠲᠥ ᠪᠡᠨ ᠬᠢᠴᠢᠶᠡᠯ ᠦᠨ ᠰᠢᠨ᠎ᠡ ᠵᠢᠯ ᠦᠨ ᠪᠠᠶᠠᠷ ᠤᠨ ᠮᠡᠨᠳᠦ ᠢᠢ ᠳᠡᠪᠰᠢᠭᠦᠯᠵᠦ᠂ ᠡᠷᠳᠡᠮ ᠦᠨ ᠶᠡᠬᠡ ᠦᠢᠯᠡᠰ ᠲᠥ ᠨᠢ ᠠᠮᠵᠢᠯᠲᠠ ᠬᠦᠰᠡᠶ᠎ᠡ!