ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊ ∙ ᠬᠦᠷᠡᠯᠰᠦᠬᠡ ᠳᠥ 2021 ᠣᠨ ᠤ 9 ᠳᠦᠭᠡᠷ ᠰᠠᠷ᠎ᠠ ᠢᠢᠨ 20 ᠍ ᠤ ᠡᠳᠦᠷ ᠺᠣᠯᠦ᠋ᠮᠪ ᠤᠨ ᠶᠡᠬᠡ ᠰᠤᠷᠭᠠᠭᠤᠯᠢ ᠢᠢᠨ ᠲᠣᠭᠲᠠᠪᠤᠷᠢᠲᠠᠢ ᠬᠥᠭ᠍ᠵᠢᠯ ᠦᠨ ᠲᠥᠪ ᠦᠨ ᠵᠠᠬᠢᠷᠤᠯ ᠵᠧᠹᠹᠷᠢ ᠰᠠᠺᠰ ᠪᠠᠷᠠᠭᠠᠯᠬᠠᠪᠠ᠃
ᠲᠠᠯ᠎ᠠ ᠨᠤᠭᠤᠳ ᠲᠣᠭᠲᠠᠪᠤᠷᠢᠲᠠᠢ ᠬᠥᠭ᠍ᠵᠢᠯ ᠦᠨ ᠵᠣᠷᠢᠯᠲᠠ ᠨᠤᠭᠤᠳ ᠪᠣᠯᠤᠨ ᠴᠠᠭᠠᠰᠢᠳᠠ ᠬᠡᠷᠬᠢᠨ ᠬᠠᠮᠲᠤᠷᠠᠨ ᠠᠵᠢᠯᠯᠠᠬᠤ ᠲᠠᠯ᠎ᠠ ᠪᠠᠷ ᠰᠠᠨᠠᠯ ᠰᠤᠯᠢᠯᠴᠠᠪᠠ᠃ ᠵᠧᠹᠹᠷᠢ ᠰᠠᠺᠰ 《ᠲᠣᠭᠲᠠᠪᠤᠷᠢᠲᠠᠢ ᠬᠥᠭ᠍ᠵᠢᠯ ᠦᠨ ᠲᠥᠯᠦᠭᠡᠬᠢ ᠰᠠᠨᠠᠭᠠᠴᠢᠯᠠᠭ᠎ᠠ》 ᠬᠥᠳᠡᠯᠭᠡᠭᠡᠨ ᠲᠡᠢ ᠪᠥᠭᠡᠳ ᠡᠭᠦᠨ ᠳᠥ ᠮᠣᠩ᠋ᠭᠣᠯ ᠤᠯᠤᠰ ᠤᠨ ᠶᠡᠬᠡ ᠰᠤᠷᠭᠠᠭᠤᠯᠢ᠂ ᠵᠠᠷᠢᠮ ᠶᠡᠬᠡ᠂ ᠳᠡᠭᠡᠳᠦ ᠰᠤᠷᠭᠠᠭᠤᠯᠢ ᠡᠯᠰᠡᠭᠰᠡᠨ ᠪᠠᠢᠢᠨ᠎ᠠ᠃ ᠡᠢᠢᠮᠦ ᠡᠴᠡ ᠲᠡᠭᠦᠨ ᠢ ᠮᠣᠩ᠋ᠭᠣᠯ ᠤᠯᠤᠰ ᠲᠤ ᠤᠷᠢᠵᠤ᠂ ᠲᠣᠭᠲᠠᠪᠤᠷᠢᠲᠠᠢ ᠬᠥᠭ᠍ᠵᠢᠯ ᠦᠨ ᠪᠣᠳᠣᠯᠭ᠎ᠠ᠂ ᠬᠡᠷᠡᠭᠵᠢᠯᠲᠡ᠂ ᠢᠯᠠᠩ᠋ᠭᠤᠶ᠎ᠠ ᠴᠠᠷ ᠲᠠᠬᠤᠯ ᠤᠨ ᠳᠠᠷᠠᠭᠠᠬᠢ ᠡᠳ᠋ ᠍ ᠦᠨ ᠵᠠᠰᠠᠭ ᠢ ᠬᠡᠷᠬᠢᠨ ᠰᠡᠷᠭᠦᠭᠡᠬᠦ᠂ ᠳᠡᠯᠡᠬᠡᠢ ᠢᠢᠨ ᠤᠯᠤᠰ ᠣᠷᠣᠨ ᠨᠤᠭᠤᠳ ᠶᠠᠭᠠᠬᠢᠵᠤ ᠬᠥᠭ᠍ᠵᠢᠬᠦ᠂ ᠡᠨᠡ ᠴᠢᠭᠯᠡᠯ ᠢᠶᠡᠷ ᠬᠠᠮᠲᠤᠷᠠᠨ ᠠᠵᠢᠯᠯᠠᠬᠤ ᠲᠠᠯ᠎ᠠ ᠪᠠᠷ ᠶᠠᠷᠢᠯᠴᠠᠪᠠ᠃
ᠮᠥᠨ ᠲᠣᠭᠲᠠᠪᠤᠷᠢᠲᠠᠢ ᠬᠥᠭ᠍ᠵᠢᠯ ᠦᠨ ᠲᠠᠯ᠎ᠠ ᠪᠠᠷ ᠮᠣᠩ᠋ᠭᠣᠯ ᠤᠯᠤᠰ ᠲᠤ ᠪᠥᠰᠡ ᠨᠤᠲᠤᠭ ᠤᠨ ᠹᠣᠷᠦ᠋ᠮ ᠵᠣᠬᠢᠶᠠᠨ ᠪᠠᠢᠢᠭᠤᠯᠬᠤ᠂ ᠶᠡᠬᠡ᠂ ᠳᠡᠭᠡᠳᠦ ᠰᠤᠷᠭᠠᠭᠤᠯᠢ ᠨᠤᠭᠤᠳ ᠲᠤ ᠯᠧᠺᠼᠢ ᠤᠩᠰᠢᠬᠤ ᠪᠣᠯᠤᠮᠵᠢ ᠢᠢᠨ ᠲᠠᠯ᠎ᠠ ᠪᠠᠷ ᠰᠠᠨᠠᠯ ᠰᠣᠯᠢᠯᠴᠠᠯ᠎ᠠ᠃
《ᠮᠣᠩ᠋ᠭᠣᠯ ᠤᠯᠤᠰ ᠲᠤ ᠪᠠᠢᠢᠭ᠎ᠠ ᠴᠢᠳᠠᠪᠬᠢ ᠢᠢ ᠠᠰᠢᠭᠯᠠᠨ ᠲᠣᠭᠲᠠᠪᠤᠷᠢᠲᠠᠢ ᠬᠥᠭ᠍ᠵᠢᠯ ᠦᠨ ᠪᠣᠳᠣᠯᠭ᠎ᠠ ᠢᠢ ᠴᠢᠭᠯᠡᠭᠦᠯᠬᠦ ᠴᠢᠭᠯᠡᠯ ᠢᠶᠡᠷ ᠲᠤᠰᠯᠠᠬᠤ ᠳᠤ ᠪᠡᠯᠡᠨ᠃ ᠪᠦᠬᠦ ᠲᠠᠯ᠎ᠠ ᠪᠠᠷ ᠳᠡᠮᠵᠢᠵᠦ ᠠᠵᠢᠯᠯᠠᠨ᠎ᠠ》 ᠭᠡᠳᠡᠭ ᠢᠶᠡᠨ ᠵᠧᠹᠹᠷᠢ ᠰᠠᠺᠰ ᠬᠡᠯᠡᠯ᠎ᠡ᠃
ᠵᠧᠹᠹᠷᠢ ᠰᠠᠺᠰ ᠨᠡᠷ᠎ᠡ ᠬᠦᠨᠳᠦᠲᠡᠢ ᠡᠳ᠋ ᠍ ᠦᠨ ᠵᠠᠰᠠᠭᠴᠢ᠂ ᠰᠤᠷᠭᠠᠨ ᠬᠦᠮᠦᠵᠢᠭᠦᠯᠦᠭᠴᠢ᠂ ᠰᠢᠨ᠎ᠡ ᠢᠢ ᠰᠠᠨᠠᠭᠠᠴᠢᠯᠠᠭᠴᠢ᠂ ᠭᠡᠭᠡᠷᠡᠭᠦᠯᠦᠭᠴᠢ ᠪᠥᠭᠡᠳ ᠡᠳ᠋ ᠍ ᠦᠨ ᠵᠠᠰᠠᠭ᠂ ᠲᠣᠭᠲᠠᠪᠤᠷᠢᠲᠠᠢ ᠬᠥᠭ᠍ᠵᠢᠯ ᠦᠨ ᠴᠢᠭᠯᠡᠯ ᠢᠶᠡᠷ ᠰᠤᠳᠤᠯᠭ᠎ᠠ ᠬᠢᠳᠡᠭ ᠶᠤᠮ᠃ ᠲᠡᠷᠡᠪᠡᠷ ᠪᠠᠢᠢᠭᠠᠯᠢ ᠣᠷᠴᠢᠨ ᠤ ᠮᠠᠩᠯᠠᠢᠢᠯᠠᠯ ᠤᠨ 《ᠴᠡᠩᠬᠡᠷ ᠭᠠᠷᠠᠭ ᠤᠨ ᠱᠠᠩᠨᠠᠯ》 ᠍ ᠢ 2015 ᠣᠨ ᠳᠤ ᠬᠦᠷᠲᠡᠵᠦ ᠪᠠᠢᠢᠭᠰᠠᠨ. 《Time》 ᠰᠡᠳᠬᠦᠯ ᠦᠨ ᠳᠡᠯᠡᠬᠡᠢ ᠢᠢᠨ ᠬᠠᠮᠤᠭ ᠤᠨ ᠨᠥᠯᠥᠭᠡ ᠪᠦᠬᠦᠢ 100 ᠤᠳᠤᠷᠢᠳᠤᠭᠴᠢ ᠢᠢᠨ ᠲᠣᠭᠠᠨ ᠳᠤ ᠬᠣᠶᠠᠷ ᠤᠳᠠᠭ᠎ᠠ ᠨᠡᠷᠡᠯᠡᠭᠳᠡᠵᠦ ᠪᠠᠢᠢᠵᠠᠢ᠃
ᠲᠡᠭᠦᠨ ᠦ ᠶᠠᠳᠠᠭᠤᠷᠠᠯ ᠢ ᠤᠰᠠᠳᠬᠠᠬᠤ᠂ ᠮᠠᠺᠷᠣ ᠡᠳ᠋ ᠍ ᠦᠨ ᠵᠠᠰᠠᠭ ᠤᠨ ᠲᠣᠭᠲᠠᠪᠤᠷᠢ ᠦᠭᠡᠢ ᠪᠠᠢᠢᠳᠠᠯ ᠢ ᠳᠠᠪᠠᠨ ᠲᠤᠭᠤᠯᠬᠤ᠂ ᠥᠯᠥᠰᠬᠦᠯᠡᠩ᠂ ᠡᠪᠡᠳᠴᠢᠨ ᠲᠡᠢ ᠲᠡᠮᠡᠴᠡᠬᠦ᠂ ᠪᠠᠢᠢᠭᠠᠯᠢ ᠣᠷᠴᠢᠨ ᠤ ᠲᠣᠭᠲᠠᠪᠤᠷᠢᠲᠠᠢ ᠦᠢᠯᠡ ᠠᠵᠢᠯᠯᠠᠭ᠎ᠠ ᠢᠢ ᠰᠤᠷᠲᠠᠯᠴᠢᠯᠠᠬᠤ ᠴᠢᠭᠯᠡᠯ ᠢᠶᠡᠷ ᠬᠢᠭ᠍ᠰᠡᠨ ᠠᠵᠢᠯ ᠨᠢ ᠳᠡᠯᠡᠬᠡᠢ ᠢᠢᠨ 125 ᠭᠠᠷᠤᠢ ᠤᠯᠤᠰ ᠲᠤ ᠬᠦᠷᠦᠭᠰᠡᠨ ᠭᠡᠵᠦ ᠦᠵᠡᠳᠡᠭ ᠶᠤᠮ᠃
《New York times》 ᠰᠡᠳᠬᠦᠯ 《ᠮᠠᠭᠠᠳ ᠦᠭᠡᠢ ᠳᠡᠯᠡᠬᠡᠢ ᠢᠢᠨ ᠬᠠᠮᠤᠭ ᠤᠨ ᠴᠢᠬᠤᠯᠠ ᠡᠳ᠋ ᠍ ᠦᠨ ᠵᠠᠰᠠᠭᠴᠢ》᠂ 《Time》 ᠰᠡᠳᠬᠦᠯ 《ᠳᠡᠯᠡᠬᠡᠢ ᠢᠢᠨ ᠬᠠᠮᠤᠭ ᠤᠨ ᠠᠯᠳᠠᠷᠲᠠᠢ ᠡᠳ᠋ ᠍ ᠦᠨ ᠵᠠᠰᠠᠭᠴᠢ》 ᠍ ᠪᠠᠷ ᠨᠡᠷᠡᠯᠡᠭᠰᠡᠨ ᠪᠣᠯ 《The Economist》 ᠰᠡᠳᠬᠦᠯ ᠦᠨ ᠰᠤᠳᠤᠯᠭ᠎ᠠ ᠪᠠᠷ ᠬᠠᠮᠤᠭ ᠤᠨ ᠨᠥᠯᠥᠭᠡ ᠪᠦᠬᠦᠢ ᠭᠤᠷᠪᠠᠨ ᠡᠳ᠋ ᠍ ᠦᠨ ᠵᠠᠰᠠᠭᠴᠢ ᠪᠠᠷ ᠲᠣᠳᠣᠷᠠᠵᠤ ᠪᠠᠢᠢᠵᠠᠢ᠃