ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠰᠠᠨᠠᠭᠠᠴᠢᠯᠠᠭᠰᠠᠨ 《ᠲᠡᠷᠪᠤᠮ ᠮᠣᠳᠣ》 ᠦᠨᠳᠦᠰᠦᠨ ᠦ ᠬᠥᠳᠡᠯᠭᠡᠭᠡᠨ ᠦ ᠨᠡᠭᠡᠭᠡᠯᠲᠡ ᠢᠢᠨ ᠡᠳᠦᠷ ᠦᠳ ᠣᠷᠣᠨ ᠳᠠᠶᠠᠭᠠᠷ ᠦᠷᠭᠦᠯᠵᠢᠯᠡᠵᠦ ᠪᠠᠢᠢᠨ᠎ᠠ᠃ ᠥᠨᠥᠳᠥᠷ ᠤᠯᠤᠰ ᠲᠥᠷᠥ ᠢᠢᠨ ᠨᠠᠮ ᠤᠳ ᠪᠣᠯᠤᠨ ᠢᠷᠭᠡᠨ ᠦ ᠨᠡᠢᠢᠭᠡᠮ ᠤᠨ ᠪᠠᠢᠢᠭᠤᠯᠤᠯᠭ᠎ᠠ ᠨᠤᠭᠤᠳ ᠨᠢᠭᠡᠳᠴᠦ 《ᠪᠠᠶᠠᠩ᠋ᠭᠤᠤᠯ ᠠᠭ᠍ᠷᠣ ᠫᠠᠷᠺ》 ᠍ ᠳᠤ ᠮᠣᠳᠣ ᠲᠠᠷᠢᠪᠠ᠃
ᠥᠨᠥᠳᠥᠷ ᠦᠨ ᠦᠢᠯᠡ ᠠᠵᠢᠯᠯᠠᠭᠠᠨ ᠳᠤ ᠮᠣᠩ᠋ᠭᠣᠯ ᠠᠷᠠᠳ ᠤᠨ ᠨᠠᠮ᠂ ᠠᠷᠠᠳᠴᠢᠯᠠᠭᠰᠠᠨ ᠨᠠᠮ᠂ ᠬᠥᠳᠡᠯᠮᠦᠷᠢ ᠢᠢᠨ ᠦᠨᠳᠦᠰᠦᠨ ᠦ ᠨᠠᠮ᠂ ᠮᠣᠩ᠋ᠭᠣᠯ ᠤᠨ ᠨᠣᠭᠣᠭᠠᠨ ᠨᠠᠮ᠂ ᠢᠷᠭᠡᠨ ᠦ ᠵᠣᠷᠢᠭ-ᠨᠣᠭᠣᠭᠠᠨ ᠨᠠᠮ᠂ ᠮᠣᠩ᠋ᠭᠣᠯ ᠤᠨ ᠤᠯᠠᠮᠵᠢᠯᠠᠯ ᠤᠨ ᠨᠢᠭᠡᠳᠦᠭᠰᠡᠨ ᠨᠠᠮ᠂ ᠪᠦᠭᠦᠳᠡ ᠨᠠᠢᠢᠷᠠᠮᠳᠠᠬᠤ ᠨᠠᠮ᠂ ᠮᠣᠩ᠋ᠭᠣᠯ ᠤᠨ ᠰᠣᠼᠢᠶᠠᠯ ᠳ᠋ᠧᠮᠣᠺᠷᠠᠲ ᠨᠠᠮ᠂ ᠡᠷᠬᠡ ᠴᠢᠯᠦᠭᠡ ᠢᠢ ᠬᠡᠷᠡᠭᠵᠢᠭᠦᠯᠦᠭᠴᠢ ᠨᠠᠮ᠂ ᠮᠣᠩ᠋ᠭᠣᠯ ᠤᠨ ᠺᠣᠨ᠋ᠰᠧᠷᠸᠠᠲ᠋ᠢᠸ ᠨᠠᠮ᠂ ᠦᠨᠡᠨ ᠪᠠ ᠵᠥᠪ ᠨᠠᠮ᠂ ᠲᠤᠰᠠᠭᠠᠷ ᠲᠣᠭᠲᠠᠨᠢᠯ ᠡᠪ ᠨᠢᠭᠡᠳᠦᠯ ᠦᠨ ᠨᠠᠮ᠂ ᠭᠡᠷ ᠬᠣᠷᠢᠶᠠᠯᠠᠯ ᠤᠨ ᠬᠥᠭ᠍ᠵᠢᠯ ᠦᠨ ᠨᠠᠮ ᠵᠡᠷᠭᠡ 14 ᠨᠠᠮ᠂ ᠡᠪᠰᠡᠯ᠂ ᠮᠥᠨ ᠢᠷᠭᠡᠨ ᠦ ᠬᠥᠳᠡᠯᠭᠡᠭᠡᠨ᠂ ᠪᠠᠢᠢᠭᠠᠯᠢ ᠣᠷᠴᠢᠨ ᠤ ᠢᠷᠭᠡᠨ ᠦ ᠨᠡᠢᠢᠭᠡᠮ ᠤᠨ ᠪᠠᠢᠢᠭᠤᠯᠤᠯᠭ᠎ᠠ ᠢᠢᠨ ᠲᠥᠯᠥᠭᠡᠯᠡᠯ ᠣᠷᠣᠯᠴᠠᠯ᠎ᠠ᠃
ᠡᠨᠡᠬᠦ ᠡᠳᠦᠷᠯᠢᠭ ᠢ ᠨᠡᠭᠡᠭᠡᠵᠦ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠬᠡᠪᠯᠡᠯ ᠦᠨ ᠲᠥᠯᠥᠭᠡᠯᠡᠭᠴᠢ ᠪᠥᠭᠡᠳ ᠬᠡᠪᠯᠡᠯ ᠮᠡᠳᠡᠭᠡᠯᠡᠯ ᠦᠨ ᠠᠯᠪᠠᠨ ᠤ ᠳᠠᠷᠤᠭ᠎ᠠ ᠥ᠊ ∙ ᠵᠣᠯᠪᠠᠶᠠᠷ ᠦᠭᠡ ᠬᠡᠯᠡᠪᠡ᠃ ᠲᠡᠷᠡᠪᠡᠷ ᠤᠯᠤᠰ ᠲᠥᠷᠥ ᠢᠢᠨ ᠨᠠᠮ ᠤᠳ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠰᠠᠨᠠᠭᠠᠴᠢᠯᠠᠭ᠎ᠠ ᠢᠢ ᠳᠡᠮᠵᠢᠵᠦ᠂ ᠨᠢᠭᠡᠳᠦᠨ ᠮᠣᠳᠣ ᠲᠠᠷᠢᠵᠤ ᠪᠠᠢᠢᠭᠠᠳ ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊ ∙ ᠬᠦᠷᠡᠯᠰᠦ᠋ᠬᠡ ᠭᠦᠨ ᠲᠠᠯᠠᠷᠬᠠᠯ ᠢᠯᠡᠷᠬᠡᠢᠢᠯᠡᠭᠰᠡᠨ ᠢ ᠤᠯᠠᠮᠵᠢᠯᠠᠯ᠎ᠠ᠃ ᠮᠥᠨ ᠮᠣᠳᠣ ᠲᠠᠷᠢᠬᠤ ᠬᠥᠳᠡᠯᠭᠡᠭᠡᠨ ᠡᠷᠴᠢᠮᠲᠡᠢ ᠥᠷᠨᠢᠵᠦ᠂ ᠤᠯᠤᠰ ᠲᠥᠷᠥ ᠢᠢᠨ ᠨᠠᠮ ᠤᠳ ᠨᠢᠭᠡᠳᠦᠨ ᠨᠡᠢᠢᠯᠡᠵᠦ ᠮᠣᠳᠣ ᠲᠠᠷᠢᠵᠤ ᠪᠠᠢᠢᠭ᠎ᠠ ᠨᠢ ᠦᠨᠳᠦᠰᠦᠨ ᠦ ᠡᠪ ᠨᠢᠭᠡᠳᠦᠯ ᠳᠥ ᠴᠢᠬᠤᠯᠠ ᠠᠴᠢ ᠬᠣᠯᠪᠣᠭᠳᠠᠯ ᠲᠠᠢ ᠭᠡᠳᠡᠭ ᠢ ᠣᠨᠴᠠᠯᠠᠨ ᠳᠤᠷᠠᠳᠤᠯ᠎ᠠ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊ ∙ ᠬᠦᠷᠡᠯᠰᠦ᠋ᠬᠡ 《ᠲᠡᠷᠪᠤᠮ ᠮᠣᠳᠣ》 ᠦᠨᠳᠦᠰᠦᠨ ᠦ ᠬᠥᠳᠡᠯᠭᠡᠭᠡᠨ ᠢ ᠠᠯᠪᠠᠨ ᠶᠣᠰᠣᠭᠠᠷ ᠨᠡᠭᠡᠭᠡᠬᠦ ᠳᠥ ᠪᠡᠨ 《ᠮᠣᠳᠣ ᠲᠠᠷᠢᠵᠤ ᠤᠷᠭᠤᠭᠤᠯᠬᠤ ᠪᠣᠯ ᠤᠯᠤᠰ ᠲᠥᠷᠦᠵᠢᠵᠦ᠂ ᠨᠠᠮᠴᠢᠷᠬᠠᠵᠤ᠂ ᠬᠡᠢᠢᠷᠬᠡᠬᠦ ᠵᠦᠢᠯ ᠪᠢᠰᠢ᠃ ᠲᠠᠯᠠᠴᠠᠯ᠂ ᠬᠤᠪᠢᠶᠠᠭᠳᠠᠯ ᠢᠢᠠᠨ ᠪᠣᠯᠢᠵᠤ᠂ ᠪᠠᠢᠢᠭᠠᠯᠢ ᠣᠷᠴᠢᠨ ᠢᠶᠠᠨ ᠬᠠᠮᠠᠭᠠᠯᠠᠬᠤ᠂ ᠴᠥᠯᠵᠢᠯᠲᠡ᠂ ᠭᠠᠵᠠᠷ ᠤᠨ ᠳᠣᠷᠣᠢᠢᠲᠠᠯ ᠤᠨ ᠡᠰᠡᠷᠬᠦ ᠦᠨᠳᠦᠰᠦᠲᠡᠨ ᠢᠶᠡᠷ ᠢᠶᠡᠨ ᠡᠪ ᠨᠢᠭᠡᠳᠦᠯ ᠲᠡᠢ᠂ ᠨᠢᠭᠡ ᠵᠦᠭ ᠲᠥ ᠬᠠᠷᠠᠵᠤ ᠵᠢᠳᠬᠦᠬᠦ ᠴᠠᠭ ᠪᠣᠯᠤᠭᠰᠠᠨ》 ᠬᠡᠮᠡᠨ ᠬᠡᠯᠡᠵᠦ ᠪᠠᠢᠢᠭᠰᠠᠨ ᠶᠤᠮ᠃
ᠨᠠᠮ᠂ ᠡᠪᠰᠡᠯ ᠦᠳ ᠡᠭᠦᠨ ᠳᠡᠭᠡᠷ᠎ᠡ ᠰᠠᠨᠠᠭ᠎ᠠ᠂ ᠵᠣᠷᠢᠯᠭ᠎ᠠ ᠨᠢᠭᠡ ᠪᠠᠢᠢᠵᠤ᠂ ᠨᠢᠭᠡᠳᠬᠦ ᠶᠣᠰᠣᠲᠠᠢ ᠭᠡᠰᠡᠨ ᠪᠠᠢᠢᠷᠢ ᠰᠠᠭᠤᠷᠢ ᠢᠢ ᠢᠯᠡᠷᠬᠡᠢᠢᠯᠡᠵᠦ᠂ ᠳᠡᠮᠵᠢᠬᠦ ᠪᠡᠨ ᠢᠯᠡᠷᠬᠡᠢᠢᠯᠡᠯ᠎ᠡ᠃ 《ᠮᠣᠩ᠋ᠭᠣᠯ ᠤᠯᠤᠰ ᠬᠥᠭ᠍ᠵᠢᠵᠦ ᠪᠤᠢ ᠣᠷᠣᠨ᠃ ᠠᠭᠤᠷ ᠠᠮᠢᠰᠬᠤᠯ ᠤᠨ ᠥᠭᠡᠷᠡᠴᠢᠯᠡᠯᠲᠡ ᠳᠥ ᠬᠠᠮᠤᠭ ᠤᠨ ᠶᠡᠬᠡ ᠬᠣᠬᠢᠷᠠᠭᠴᠢ ᠪᠣᠯᠵᠤ᠂ ᠵᠢᠯ ᠳᠥ ᠪᠡᠨ ᠬᠣᠶᠠᠷ ᠬᠡᠮ ᠢᠶᠡᠷ ᠳᠤᠯᠠᠭᠠᠷᠠᠵᠤ ᠪᠠᠢᠢᠨ᠎ᠠ᠃ ᠴᠢᠨᠠᠭᠰᠢᠳᠠ ᠢᠷᠡᠭᠡᠳᠦᠢ ᠳᠥ ᠠᠮᠢᠳᠤᠷᠠᠬᠤ ᠪᠢᠳᠡᠨ ᠦ ᠦᠷ᠎ᠡ ᠬᠡᠦᠬᠡᠳ ᠦᠳ ᠦᠨ ᠠᠮᠢᠳᠤᠷᠠᠬᠤ ᠥᠷᠲᠡᠭ ᠥᠰᠬᠦ ᠡᠴᠡ ᠡᠬᠢᠯᠡᠭᠡᠳ ᠣᠯᠠᠨ ᠰᠥᠷᠭᠦ ᠲᠠᠯ᠎ᠠ ᠪᠤᠢ ᠪᠣᠯᠤᠨ᠎ᠠ᠃ ᠲᠡᠢᠢᠮᠦ ᠡᠴᠡ ᠤᠯᠤᠰ ᠲᠥᠷᠦᠵᠢᠬᠦ ᠦᠭᠡᠢ ᠨᠢᠭᠡᠳᠬᠦ ᠭᠠᠭᠴᠠ ᠰᠡᠳᠦᠪ ᠪᠣᠯ ᠠᠭᠤᠷ ᠠᠮᠢᠰᠬᠤᠯ ᠤᠨ ᠥᠭᠡᠷᠡᠴᠢᠯᠡᠯᠲᠡ᠂ ᠴᠥᠯᠵᠢᠯᠲᠡ ᠢᠢ ᠰᠠᠭᠠᠷᠠᠭᠤᠯᠬᠤ᠂ ᠮᠣᠳᠣ ᠲᠠᠷᠢᠬᠤ ᠠᠵᠢᠯ᠃ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠰᠠᠨᠠᠭᠠᠴᠢᠯᠠᠭ᠎ᠠ ᠴᠠᠭ ᠦᠶ᠎ᠡ ᠪᠡᠨ ᠣᠯᠤᠭᠰᠠᠨ ᠲᠤᠢᠢᠯ ᠤᠨ ᠴᠢᠬᠤᠯᠠ ᠠᠯᠬᠤᠮ ᠪᠣᠯᠤᠭᠰᠠᠨ》 ᠭᠡᠬᠦ ᠵᠡᠷᠭᠡ ᠪᠡᠷ ᠪᠠᠢᠢᠷᠢ ᠰᠠᠭᠤᠷᠢ ᠪᠠᠨ ᠢᠯᠡᠷᠬᠡᠢᠢᠯᠡᠵᠦ ᠪᠠᠢᠢᠪᠠ᠃
《ᠪᠠᠶᠠᠩ᠋ᠭᠤᠤᠯ ᠠᠭ᠍ᠷᠣ ᠫᠠᠷᠺ》 2014 ᠣᠨ ᠠᠴᠠ ᠪᠠᠶᠠᠩ᠋ᠭᠤᠤᠯ ᠳᠡᠬᠦᠷᠭᠡ ᠢᠢᠨ ᠬᠣᠶᠠᠳᠤᠭᠠᠷ ᠬᠣᠷᠢᠶᠠᠨ ᠳᠤ ᠨᠡᠢᠢᠲᠡ 50 ᠭᠠ ᠭᠠᠵᠠᠷ ᠲᠤ ᠦᠢᠯᠡ ᠠᠵᠢᠯᠯᠠᠭ᠎ᠠ ᠪᠠᠨ ᠶᠠᠪᠤᠭᠤᠯᠵᠤ ᠡᠬᠢᠯᠡᠭᠰᠡᠨ᠃ ᠫᠠᠷᠺ ᠨᠢ ᠡᠺᠣ ᠰᠤᠷᠭᠠᠭᠤᠯᠢ ᠪᠠᠢᠢᠭᠤᠯᠵᠤ᠂ ᠡᠺᠣ ᠰᠤᠷᠭᠠᠯᠲᠠ ᠳᠤ ᠢᠷᠭᠡᠳ ᠢ ᠬᠠᠮᠤᠷᠤᠭᠤᠯᠬᠤ᠂ ᠮᠣᠳᠣ᠂ ᠪᠤᠲᠠ᠂ ᠰᠥᠭᠡᠭ᠌᠂ ᠴᠡᠴᠡᠭ ᠲᠠᠷᠢᠬᠤ᠂ ᠠᠮᠠᠷᠠᠯᠲᠠ᠂ ᠵᠤᠭᠠᠯᠭᠠ ᠢᠢᠨ ᠪᠥᠰᠡ ᠪᠤᠢ ᠪᠣᠯᠭᠠᠬᠤ ᠵᠣᠷᠢᠯᠭ᠎ᠠ ᠲᠠᠢ ᠶᠤᠮ᠃