ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊ ∙ ᠬᠦᠷᠡᠯᠦᠰᠦ᠋ᠬᠡ ᠳᠥ ᠰᠣᠩ᠋ᠭᠣᠭᠤᠯᠢ ᠢᠢᠨ ᠶᠡᠷᠦᠩᠬᠡᠢ ᠬᠣᠷᠢᠶᠠᠨ ᠤ ᠳᠠᠷᠤᠭ᠎ᠠ ᠫ ∙ ᠳᠡᠯᠭᠡᠷᠨᠠᠷᠠᠨ ᠲᠡᠷᠢᠭᠦᠲᠡᠢ ᠭᠡᠰᠢᠭᠦᠳ ᠪᠠᠷᠠᠭᠠᠯᠬᠠᠵᠤ ᠤᠯᠤᠰ ᠤᠨ ᠶᠡᠬᠡ ᠬᠤᠷᠠᠯ ᠤᠨ 18᠂ 28 ᠳ᠋ᠤᠭᠠᠷ ᠲᠣᠭᠣᠷᠢᠭ ᠤᠨ ᠨᠥᠬᠥᠨ ᠰᠣᠩ᠋ᠭᠣᠭᠤᠯᠢ ᠢᠢᠨ ᠳ᠋ᠦᠩ ᠢ ᠡᠷᠭᠦᠨ ᠮᠡᠳᠡᠭᠦᠯᠦᠯ᠎ᠡ᠃
ᠰᠣᠩ᠋ᠭᠣᠭᠤᠯᠢ ᠢᠢᠨ ᠶᠡᠷᠦᠩᠬᠡᠢ ᠬᠣᠷᠢᠶ᠎ᠠ ᠬᠠᠮᠤᠭ ᠤᠨ ᠣᠯᠠᠨ ᠰᠠᠨᠠᠯ ᠠᠪᠤᠭᠰᠠᠨ ᠵ ∙ ᠢᠳᠡᠷᠪᠠᠲᠤ᠂ ᠡ᠊ ∙ ᠪᠠᠲᠤᠱᠤᠭᠠᠷᠠ ᠨᠠᠷ ᠢ ᠤᠯᠤᠰ ᠤᠨ ᠶᠡᠬᠡ ᠬᠤᠷᠠᠯ ᠤᠨ ᠭᠡᠰᠢᠭᠦᠨ ᠢᠶᠡᠷ ᠰᠣᠩ᠋ᠭᠣᠭᠳᠠᠭᠰᠠᠨ ᠳᠤ ᠲᠣᠭᠠᠴᠠᠭᠰᠠᠨ ᠲᠣᠭᠲᠠᠭᠠᠯ ᠭᠠᠷᠭᠠᠭᠰᠠᠨ ᠪᠠᠢᠢᠨ᠎ᠠ᠃
ᠤᠯᠤᠰ ᠤᠨ ᠶᠡᠬᠡ ᠬᠤᠷᠠᠯ ᠤᠨ 18 ᠳ᠋ᠤᠭᠠᠷ ᠲᠣᠭᠣᠷᠢᠭ ᠲᠤ ᠮᠣᠩ᠋ᠭᠣᠯ ᠠᠷᠠᠳ ᠤᠨ ᠨᠠᠮ ᠍ ᠠᠴᠠ ᠨᠡᠷ᠎ᠡ ᠳᠡᠪᠰᠢᠭᠴᠢ ᠵ ∙ ᠢᠳᠡᠷᠪᠠᠲᠤ ᠨᠡᠢᠢᠲᠡ ᠰᠠᠨᠠᠯ ᠥᠭ᠍ᠭᠦᠭ᠍ᠰᠡᠨ ᠰᠣᠩ᠋ᠭᠣᠭᠴᠢᠳ ᠤᠨ 73.03 ᠬᠤᠪᠢ ᠪᠤᠶᠤ 17᠂264᠂ ᠤᠯᠤᠰ ᠤᠨ ᠶᠡᠬᠡ ᠬᠤᠷᠠᠯ ᠤᠨ 28 ᠳ᠋ᠤᠭᠠᠷ ᠲᠣᠭᠣᠷᠢᠭ ᠲᠤ ᠮᠣᠩ᠋ᠭᠣᠯ ᠠᠷᠠᠳ ᠤᠨ ᠨᠠᠮ ᠍ ᠠᠴᠠ ᠨᠡᠷ᠎ᠡ ᠳᠡᠪᠰᠢᠭᠴᠢ ᠡ᠊ ∙ ᠪᠠᠲᠤᠱᠤᠭᠠᠷᠠ ᠨᠡᠢᠢᠲᠡ ᠰᠠᠨᠠᠯ ᠥᠭ᠍ᠭᠦᠭ᠍ᠰᠡᠨ ᠰᠣᠩ᠋ᠭᠣᠭᠴᠢᠳ ᠤᠨ 51.22 ᠬᠤᠪᠢ ᠪᠤᠶᠤ 28᠂537 ᠰᠠᠨᠠᠯ ᠠᠪᠴᠠᠢ᠃
ᠨᠥᠬᠦᠨ ᠰᠣᠩ᠋ᠭᠣᠭᠤᠯᠢ ᠢᠢᠨ ᠰᠠᠨᠠᠯ ᠤᠨ ᠬᠠᠭᠤᠳᠠᠰᠤ ᠢᠢ ᠨᠡᠢᠢᠲᠡ 148 ᠬᠡᠰᠡᠭ ᠲᠥ 100 ᠬᠤᠪᠢ ᠭᠠᠷ ᠠᠷᠭ᠎ᠠ ᠪᠠᠷ ᠬᠢᠨᠠᠯᠲᠠ ᠢᠢᠨ ᠲᠣᠭᠠᠯᠠᠯᠭ᠎ᠠ ᠬᠢᠭ᠍ᠰᠡᠨ ᠪᠥᠭᠡᠳ ᠰᠠᠨᠠᠯ ᠲᠣᠭᠠᠯᠠᠬᠤ ᠲᠥᠬᠦᠭᠡᠷᠦᠮᠵᠢ ᠢᠢᠨ ᠳ᠋ᠦᠩ ᠬᠢᠨᠠᠯᠲᠠ ᠢᠢᠨ ᠲᠣᠭᠠᠯᠠᠯᠭ᠎ᠠ ᠢᠢᠨ ᠳ᠋ᠦᠩ ᠲᠡᠢ ᠪᠥᠷᠢᠨ ᠲᠣᠬᠢᠷᠠᠭᠰᠠᠨ ᠪᠠᠢᠢᠨ᠎ᠠ᠃