Та "Internet explorer"-ийн сүүлийн хувилбар болох "Microsoft edge"-г ашиглана уу

Хэрэв "Microsoft edge"-г татах бол энд дарж татаж авна уу

ᠬᠥᠭ᠍ᠵᠢᠯ ᠦᠨ ᠪᠡᠷᠬᠡᠰᠢᠶᠡᠯ ᠲᠡᠢ ᠢᠷᠭᠡᠳ 《ᠲᠡᠷᠪᠤᠮ ᠮᠣᠳᠣ》 ᠦᠨᠳᠦᠰᠦᠨ ᠦ ᠬᠥᠳᠡᠯᠭᠡᠭᠡᠨ ᠳᠥ ᠨᠢᠭᠡᠳᠦᠯ᠎ᠡ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠰᠠᠨᠠᠭᠠᠴᠢᠯᠠᠭᠰᠠᠨ 《ᠲᠡᠷᠪᠤᠮ ᠮᠣᠳᠣ》 ᠦᠨᠳᠦᠰᠦᠨ ᠦ ᠬᠥᠳᠡᠯᠭᠡᠭᠡᠨ ᠳᠣ ᠬᠥᠭ᠍ᠵᠢᠯ ᠦᠨ ᠪᠡᠷᠬᠡᠰᠢᠶᠡᠯ ᠲᠡᠢ ᠢᠷᠭᠡᠳ ᠨᠢᠭᠡᠳᠦᠯ᠎ᠡ᠃

ᠬᠥᠭ᠍ᠵᠢᠯ ᠦᠨ ᠪᠡᠷᠬᠡᠰᠢᠶᠡᠯ ᠲᠡᠢ ᠬᠦᠮᠦᠨ ᠦ ᠬᠥᠭ᠍ᠵᠢᠯ ᠦᠨ ᠶᠡᠷᠦᠩᠬᠡᠢ ᠭᠠᠵᠠᠷ᠂ 《ᠲᠦᠭᠡᠮᠡᠯ ᠬᠥᠭ᠍ᠵᠢᠯ》 ᠲᠥᠪ᠂ ᠮᠣᠩ᠋ᠭᠣᠯ  ᠤᠨ ᠡᠫᠢᠯᠧᠫᠰ ᠦᠨ ᠬᠣᠯᠪᠣᠭ᠎ᠠ ᠬᠠᠮᠲᠤᠷᠠᠨ ᠴᠢᠩᠭᠢᠯᠲᠡᠢ ᠳᠡᠭᠦᠷᠭᠡ ᠢᠢᠨ 19  ᠳ᠋ᠦ᠋ᠭᠡᠷ ᠬᠣᠷᠢᠶᠠᠨ ᠤ ᠴᠡᠴᠡᠷᠯᠢᠭᠲᠦ ᠬᠦᠷᠢᠶᠡᠯᠡᠩ ᠳᠣ 100 ᠭᠠᠷᠤᠢ ᠬᠠᠢᠢᠯᠠᠰᠤ ᠮᠣᠳᠣ ᠲᠠᠷᠢᠯ᠎ᠠ᠃

《ᠪᠢᠳᠡ ᠬᠡᠳᠦᠢ ᠪᠡᠷ ᠬᠥᠭ᠍ᠵᠢᠯ ᠦᠨ ᠪᠡᠷᠬᠡᠰᠢᠶᠡᠯ ᠲᠡᠢ ᠴᠤ᠂ ᠡᠨᠡ ᠨᠢ ᠠᠯᠢᠪᠠ ᠵᠦᠢᠯ ᠢ ᠴᠢᠳᠠᠬᠤ ᠦᠭᠡᠢ ᠭᠡᠰᠡᠨ ᠦᠭᠡ ᠪᠢᠰᠢ᠃ ᠦᠨᠳᠦᠰᠦᠨ ᠦ ᠬᠥᠳᠡᠯᠭᠡᠭᠡᠨ ᠳᠣ ᠪᠤᠰᠤᠳ ᠤᠨ ᠠᠳᠠᠯᠢ ᠢᠳᠡᠪᠬᠢᠲᠡᠢ ᠣᠷᠣᠯᠴᠠᠬᠤ ᠪᠠᠨ ᠢᠯᠡᠷᠬᠡᠢᠢᠯᠡᠵᠦ ᠪᠠᠢᠢᠭ᠎ᠠ ᠢᠢᠨ ᠬᠡᠯᠪᠡᠷᠢ》 ᠭᠡᠵᠦ ᠲᠡᠳᠡ ᠶᠠᠷᠢᠯ᠎ᠠ᠃

ᠢᠷᠡᠬᠦ ᠵᠢᠯ ᠡᠴᠡ ᠰᠣᠩᠭᠢᠨᠠᠬᠠᠢᠢᠷᠬᠠᠨ ᠳᠡᠭᠦᠷᠭᠡ ᠳ᠋ᠡᠬᠢ 《ᠪᠤᠮᠪᠠᠲᠤ ᠢᠢᠨ ᠷᠠᠰᠢᠶᠠᠨ》 ᠴᠡᠴᠡᠷᠯᠢᠭᠲᠦ ᠬᠦᠷᠢᠶᠡᠯᠡᠩ ᠳᠣ ᠬᠥᠭ᠍ᠵᠢᠯ ᠦᠨ ᠪᠡᠷᠬᠡᠰᠢᠶᠡᠯ ᠲᠡᠢ ᠢᠷᠭᠡᠳ ᠦᠨ ᠨᠡᠷᠡᠮᠵᠢᠲᠦ ᠲᠥᠭᠡᠯ ᠪᠠᠢᠢᠭᠤᠯᠬᠤ ᠪᠠᠷ ᠲᠥᠯᠦᠪᠯᠡᠭᠰᠡᠨ ᠪᠠᠢᠢᠨ᠎ᠠ᠃ ᠢᠷᠭᠡᠳ ᠢ ᠮᠣᠳᠣ ᠦᠷᠡᠵᠢᠭᠦᠯᠵᠦ᠂ ᠬᠤᠳᠠᠯᠳᠤᠨ ᠪᠣᠷᠣᠯᠠᠭᠤᠯᠬᠤ ᠵᠡᠷᠭᠡ ᠳᠣ ᠨᠢ ᠳᠡᠮᠵᠢᠯᠭᠡ ᠦᠵᠡᠭᠦᠯᠦᠨ᠎ᠡ ᠭᠡᠳᠡᠭ ᠢ ᠬᠥᠭ᠍ᠵᠢᠯ ᠦᠨ ᠪᠡᠷᠬᠡᠰᠢᠶᠡᠯ ᠲᠡᠢ ᠬᠦᠮᠦᠨ ᠦ ᠬᠥᠭ᠍ᠵᠢᠯ ᠦᠨ ᠶᠡᠷᠦᠩᠬᠡᠢ ᠭᠠᠵᠠᠷ ᠤᠨ ᠲᠥᠯᠥᠭᠡᠯᠡᠯ ᠬᠡᠯᠡᠯ᠎ᠡ᠃

ᠮᠣᠩ᠋ᠭᠣᠯ ᠤᠯᠤᠰ ᠤᠨ ᠬᠡᠮᠵᠢᠶᠡᠨ ᠳᠣ ᠬᠥᠭ᠍ᠵᠢᠯ ᠦᠨ ᠪᠡᠷᠬᠡᠰᠢᠶᠡᠯ ᠲᠡᠢ 108 ᠮᠢᠩᠭ᠎ᠠ ᠭᠠᠷᠤᠢ ᠢᠷᠭᠡᠨ ᠪᠠᠢᠢᠳᠠᠭ ᠶᠤᠮ᠃