Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊ ∙ ᠬᠦᠷᠡᠯᠰᠦ᠋ᠬᠡ 《ᠣᠢ᠂ ᠭᠠᠵᠠᠷ ᠠᠰᠢᠭᠯᠠᠯᠲᠠ》 ᠰᠡᠳᠦᠪᠲᠦ ᠠᠷᠭ᠎ᠠ ᠬᠡᠮᠵᠢᠶᠡᠨ ᠳᠥ ᠤᠷᠤᠯᠴᠠᠪᠠ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊᠃ ᠬᠦᠷᠡᠯᠰᠦ᠋ᠬᠡ ᠠᠭᠤᠷ ᠠᠮᠢᠰᠬᠤᠯ ᠤᠨ ᠥᠭᠡᠷᠡᠴᠢᠯᠡᠯᠲᠡ ᠢᠢᠨ ᠠᠰᠠᠭᠤᠳᠠᠯ ᠢᠢᠠᠷ ᠬᠢ ᠳᠡᠯᠡᠬᠡᠢ ᠢᠢᠨ ᠤᠳᠤᠷᠢᠳᠤᠭᠴᠢᠳ ᠤᠨ ᠳᠡᠭᠡᠳᠦ ᠲᠦᠪᠰᠢᠨ ᠦ ᠠᠭᠤᠯᠵᠠᠯᠲᠠ ᠢᠢᠨ 《ᠣᠢ᠂ ᠭᠠᠵᠠᠷ ᠠᠰᠢᠭᠯᠠᠯᠲᠠ》 ᠰᠡᠳᠦᠪᠲᠦ ᠠᠷᠭ᠎ᠠ ᠬᠡᠮᠵᠢᠶᠡᠨ ᠳᠥ ᠣᠷᠣᠯᠴᠠᠪᠠ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊ ∙ ᠬᠦᠷᠡᠯᠰᠦ᠋ᠬᠡ ᠪᠷᠢᠲ᠋ᠠᠨ ᠤ ᠶᠡᠷᠦᠩᠬᠡᠢ ᠰᠠᠢᠢᠳ ᠪ ∙ ᠵᠣᠨ᠋ᠰᠣᠨ ᠤ ᠤᠷᠢᠯᠭ᠎ᠠ ᠪᠠᠷ ᠠᠭᠤᠷ ᠠᠮᠢᠰᠬᠤᠯ ᠤᠨ ᠥᠭᠡᠷᠡᠴᠢᠯᠡᠯᠲᠡ ᠢᠢᠨ ᠠᠰᠠᠭᠤᠳᠠᠯ ᠢᠢᠠᠷ ᠬᠢ ᠳᠡᠯᠡᠬᠡᠢ ᠢᠢᠨ ᠤᠳᠤᠷᠢᠳᠤᠭᠴᠢᠳ ᠤᠨ ᠳᠡᠭᠡᠳᠦ ᠲᠦᠪᠰᠢᠨ ᠦ ᠠᠭᠤᠯᠵᠠᠯᠲᠠ ᠢᠢᠨ 《ᠣᠢ᠂ ᠭᠠᠵᠠᠷ ᠠᠰᠢᠭᠯᠠᠯᠲᠠ》 ᠰᠡᠳᠦᠪᠲᠦ ᠠᠷᠭ᠎ᠠ ᠬᠡᠮᠵᠢᠶᠡᠨ ᠳᠥ ᠣᠷᠣᠯᠴᠠᠪᠠ᠃ ᠠᠷᠭ᠎ᠠ ᠬᠡᠮᠵᠢᠶᠡᠨ ᠳᠥ 20 ᠭᠠᠷᠤᠢ ᠤᠯᠤᠰ ᠤᠨ ᠲᠥᠷᠦ ᠢᠢᠨ ᠲᠡᠷᠢᠭᠦᠨ ᠣᠷᠣᠯᠴᠠᠵᠤ᠂ ᠳᠡᠯᠡᠬᠡᠢ ᠢᠢᠨ ᠳᠤᠯᠠᠭᠠᠷᠠᠯ ᠢ 1.5 ᠬᠡᠮ ᠳᠥ ᠲᠣᠭᠲᠠᠭᠠᠨ ᠪᠠᠷᠢᠬᠤ ᠵᠣᠷᠢᠯᠲᠠ ᠢᠢ ᠬᠡᠷᠡᠭᠵᠢᠭᠦᠯᠬᠦ ᠳᠥ ᠴᠢᠭᠯᠡᠭᠰᠡᠨ ᠪᠣᠳᠣᠯᠭ᠎ᠠ᠂ ᠠᠷᠭ᠎ᠠ ᠬᠡᠮᠵᠢᠶ᠎ᠡ᠂ ᠠᠬᠢᠭᠤᠯᠤᠨ ᠲᠣᠳᠣᠷᠬᠠᠢᠢᠯᠠᠭᠰᠠᠨ ᠠᠮᠠᠯᠠᠯᠲᠠ᠂ ᠲᠦᠩᠰᠢᠯᠡᠯ᠂ ᠬᠠᠮᠲᠤ ᠢᠢᠨ ᠠᠵᠢᠯᠯᠠᠭᠠᠨ ᠤ ᠲᠠᠯ᠎ᠠ ᠪᠠᠷ ᠰᠠᠨᠠᠯ ᠰᠣᠯᠢᠯᠴᠠᠯ᠎ᠠ᠃ ᠲᠡᠭᠦᠨᠴᠢᠯᠡᠨ ᠣᠢ ᠢᠢᠨ ᠬᠣᠮᠰᠠᠳᠠᠯ ᠢ ᠪᠠᠭᠤᠷᠠᠭᠤᠯᠬᠤ᠂ ᠣᠢ ᠢᠢᠨ ᠰᠡᠷᠭᠦᠭᠡᠯᠲᠡ ᠢᠢ ᠡᠷᠴᠢᠮᠵᠢᠭᠦᠯᠬᠦ ᠨᠢ ᠡᠺᠣᠰᠢᠰᠲ᠋ᠧᠮ ᠢ ᠨᠥᠬᠥᠨ ᠰᠡᠷᠭᠦᠭᠡᠬᠦ ᠬᠦᠷᠲᠡᠭᠡᠮᠵᠢᠲᠡᠢ ᠠᠷᠤᠭ ᠤᠳ ᠤᠨ ᠨᠢᠭᠡ ᠭᠡᠳᠡᠭ ᠢ ᠡᠨᠡᠬᠦ ᠠᠷᠭ᠎ᠠ ᠬᠡᠮᠵᠢᠶ᠎ᠡ ᠪᠡᠷ ᠬᠠᠷᠠᠭᠤᠯᠬᠤ ᠢᠢ ᠵᠣᠷᠢᠯ᠎ᠠ᠃

ᠠᠷᠭ᠎ᠠ ᠬᠡᠮᠵᠢᠶᠡᠨ ᠦ ᠦᠶ᠎ᠡ ᠪᠡᠷ ᠶᠡᠬᠡ ᠪᠷᠢᠲ᠋ᠠᠨ ᠤᠯᠤᠰ ᠣᠢ ᠮᠣᠳᠣ᠂ ᠭᠠᠵᠠᠷ ᠠᠰᠢᠭᠯᠠᠯᠲᠠ ᠢᠢᠨ ᠲᠤᠬᠠᠢ 《ᠭᠯᠠᠽᠭᠤᠸ ᠤᠨ ᠤᠳᠤᠷᠢᠳᠤᠭᠴᠢᠳ ᠤᠨ ᠲᠤᠩ᠋ᠬᠠᠭᠯᠠᠯ》 ᠰᠠᠨᠠᠭᠠᠴᠢᠯᠠᠭᠰᠠᠨ ᠢ ᠶᠡᠷᠦᠩᠬᠡᠢ ᠰᠠᠢᠢᠳ ᠪᠣᠷᠢᠰ ᠵᠣᠨ᠋ᠰᠣᠨ ᠲᠠᠨᠢᠯᠴᠠᠭᠤᠯᠤᠯ᠎ᠠ᠃ ᠣᠢ ᠢᠢᠨ ᠬᠣᠮᠰᠠᠳᠠᠯ᠂ ᠭᠠᠵᠠᠷ ᠤᠨ ᠳᠣᠷᠣᠢᠢᠲᠠᠯ ᠢ ᠪᠠᠭᠤᠷᠠᠭᠤᠯᠬᠤ ᠬᠠᠮᠲᠤ ᠢᠢᠨ ᠴᠢᠷᠮᠠᠢᠢᠯᠲᠠ ᠳᠤ ᠤᠷᠢᠶᠠᠯᠠᠭᠰᠠᠨ ᠡᠯ᠎ᠡ ᠲᠤᠩ᠋ᠬᠠᠭᠯᠠᠯ ᠳᠤ ᠨᠢᠭᠡᠳᠦᠭᠰᠡᠨ 105 ᠤᠯᠤᠰ ᠤᠨ ᠲᠥᠷᠦ᠂ ᠵᠠᠰᠠᠭ ᠤᠨ ᠲᠡᠷᠢᠭᠦᠨ ᠡᠪ ᠰᠠᠨᠠᠭ᠎ᠠ ᠨᠢᠭᠡᠲᠡᠢ ᠪᠠᠢᠢᠭ᠎ᠠ ᠪᠠᠨ ᠸᠢᠳᠢᠣ᠋ ᠮᠧᠰᠰᠧᠵᠢ ᠪᠡᠷ ᠲᠠᠨᠢᠯᠴᠠᠭᠤᠯᠤᠭᠰᠠᠨ ᠪᠥᠭᠡᠳ ᠮᠣᠩ᠋ᠭᠣᠯ ᠤᠯᠤᠰ ᠲᠤᠩ᠋ᠬᠠᠭᠯᠠᠯ ᠳᠤ ᠨᠢᠭᠡᠳᠦᠨ ᠣᠷᠣᠭᠰᠠᠨ ᠣᠷᠣᠨ ᠤ ᠬᠤᠪᠢ ᠳᠤ ᠡᠨᠡᠬᠦ ᠠᠷᠭ᠎ᠠ ᠬᠡᠮᠵᠢᠶᠡᠨ ᠳᠥ ᠣᠷᠣᠯᠴᠠᠪᠠ᠃

ᠨᠢᠭᠡ ᠮᠣᠳᠣ ᠲᠠᠷᠢᠬᠤ ᠳᠤ ᠲᠡᠭᠦᠨ ᠢ ᠳᠠᠭᠠᠵᠤ ᠤᠷᠭᠤᠬᠤ ᠪᠤᠲᠠ᠂ ᠡᠪᠡᠰᠦ ᠤᠷᠭᠤᠮᠠᠯ ᠨᠡᠢᠢᠯᠡᠭᠡᠳ ᠬᠦᠯᠡᠮᠵᠢ ᠢᠢᠨ ᠬᠡᠢ ᠢᠢ ᠰᠢᠩᠭᠡᠭᠡᠵᠦ᠂ ᠬᠥᠷᠦᠰᠦᠨ ᠦ ᠴᠢᠭᠢᠭ᠌ ᠢ ᠬᠠᠮᠠᠭᠠᠯᠠᠨ᠂ ᠭᠠᠵᠠᠷ ᠤᠨ ᠳᠣᠷᠣᠢᠢᠲᠠᠯ᠂ ᠴᠥᠯᠵᠢᠯᠲᠡ ᠡᠴᠡ ᠰᠡᠷᠭᠡᠢᠢᠯᠡᠬᠦ ᠳᠥ ᠬᠤᠪᠢ ᠨᠡᠮᠡᠷᠢ ᠪᠣᠯᠤᠨ᠎ᠠ᠃ ᠬᠠᠷᠢᠨ ᠵᠠᠭᠤ᠂ ᠮᠢᠩ᠋ᠭ᠎ᠠ ᠪᠠᠷ ᠲᠣᠭᠠᠯᠠᠭᠳᠠᠬᠤ ᠮᠣᠳᠣ ᠲᠠᠷᠢᠬᠤ ᠳᠤ ᠡᠨᠡ ᠨᠢ ᠲᠤᠬᠠᠢ ᠢᠢᠨ ᠭᠠᠵᠠᠷ ᠨᠤᠲᠤᠭ ᠢ᠂ ᠰᠠᠶ᠋ᠢ᠂ ᠲᠡᠷᠪᠤᠮ ᠢᠶᠠᠷ ᠨᠢ ᠲᠠᠷᠢᠪᠠᠯ ᠪᠦᠬᠦᠯᠢ ᠪᠦᠲᠦᠨ ᠪᠥᠰᠡ ᠨᠤᠲᠤᠭ ᠢ ᠡᠷᠡᠭᠦᠯᠵᠢᠭᠦᠯᠬᠦ ᠠᠴᠢ ᠬᠣᠯᠪᠣᠭᠳᠠᠯ ᠲᠠᠢ ᠢᠢ ᠮᠣᠩ᠋ᠭᠣᠯ ᠤᠯᠤᠰ ᠤᠨ ᠶᠡᠷᠦᠩᠬᠡᠢᠢᠯᠡᠭᠴᠢ ᠡᠪ ᠨᠢᠭᠡᠳᠦᠯ ᠦᠨ ᠮᠧᠰᠰᠧᠵᠢ ᠳᠥ ᠪᠡᠨ ᠣᠨᠴᠠᠯᠠᠨ ᠲᠡᠮᠳᠡᠭᠯᠡᠪᠡ᠃

ᠠᠭᠤᠷ ᠠᠮᠢᠰᠬᠤᠯ ᠤᠨ ᠥᠭᠡᠷᠡᠴᠢᠯᠡᠯᠲᠡ ᠢᠢᠨ ᠠᠰᠠᠭᠤᠳᠠᠯ ᠢᠢᠠᠷ ᠬᠢ ᠳᠡᠯᠡᠬᠡᠢ ᠢᠢᠨ ᠤᠳᠤᠷᠢᠳᠤᠭᠴᠢᠳ ᠤᠨ ᠳᠡᠭᠡᠳᠦ ᠲᠦᠪᠰᠢᠨ ᠦ ᠠᠭᠤᠯᠵᠠᠯᠲᠠ ᠢᠢᠨ ᠡᠬᠢᠨ ᠦ ᠡᠳᠦᠷ ᠦᠨ ᠪᠠᠢᠢᠳᠠᠯ ᠢᠶᠠᠷ ᠣᠢ ᠢᠢᠨ ᠬᠣᠮᠰᠠᠳᠠᠯ ᠢ ᠪᠠᠭᠤᠷᠠᠭᠤᠯᠬᠤ᠂ ᠣᠢ ᠢᠢ ᠨᠥᠬᠦᠨ ᠰᠡᠷᠭᠦᠭᠡᠬᠦ ᠴᠢᠭᠯᠡᠯ ᠳᠥ 100 ᠭᠠᠷᠤᠢ ᠤᠯᠤᠰ 19 ᠲᠡᠷᠪᠤᠮ ᠠᠮᠠ.ᠳ᠋ᠣᠯᠯᠠᠷ ᠤᠨ ᠬᠥᠷᠦᠩᠭᠡ ᠣᠷᠣᠭᠤᠯᠤᠯᠲᠠ ᠬᠢᠬᠦ ᠪᠡᠷ ᠠᠮᠠᠯᠠᠯᠲᠠ ᠠᠪᠤᠭᠠᠳ ᠪᠠᠢᠢᠨ᠎ᠠ᠃