Та "Internet explorer"-ийн сүүлийн хувилбар болох "Microsoft edge"-г ашиглана уу

Хэрэв "Microsoft edge"-г татах бол энд дарж татаж авна уу

ᠮᠣᠩ᠋ᠭᠣᠯ ᠤᠯᠤᠰ ᠤᠨ ᠶᠡᠷᠦᠩᠬᠡᠢᠢᠯᠡᠭᠴᠢ ᠠᠭᠤᠷ ᠠᠮᠢᠰᠬᠤᠯ ᠤᠨ ᠥᠭᠡᠷᠡᠴᠢᠯᠡᠯᠲᠡ ᠢᠢᠨ ᠠᠰᠠᠭᠤᠳᠠᠯ ᠢᠢᠠᠷ ᠬᠢ ᠳᠡᠯᠡᠬᠡᠢ ᠢᠢᠨ ᠤᠳᠤᠷᠢᠳᠤᠭᠴᠢᠳ ᠤᠨ ᠳᠡᠭᠡᠳᠦ ᠲᠦᠪᠰᠢᠨ ᠦ ᠠᠭᠤᠯᠵᠠᠯᠲᠠ ᠳᠤ ᠦᠭᠡ ᠬᠡᠯᠡᠯ᠎ᠡ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊ ∙ ᠬᠦᠷᠡᠯᠰᠦ᠋ᠬᠡ ᠠᠭᠤᠷ ᠠᠮᠢᠰᠬᠤᠯ ᠤᠨ ᠥᠭᠡᠷᠡᠴᠢᠯᠡᠯᠲᠡ ᠢᠢᠨ ᠠᠰᠠᠭᠤᠳᠠᠯ ᠢᠢᠠᠷ ᠬᠢ ᠳᠡᠯᠡᠬᠡᠢ ᠢᠢᠨ ᠤᠳᠤᠷᠢᠳᠤᠭᠴᠢᠳ ᠤᠨ ᠳᠡᠭᠡᠳᠦ ᠲᠦᠪᠰᠢᠨ ᠦ ᠠᠭᠤᠯᠵᠠᠯᠲᠠ ᠢᠢᠨ ᠶᠡᠷᠦᠩᠬᠡᠢ ᠰᠠᠨᠠᠯ ᠰᠢᠭᠦᠮᠵᠢᠯᠡᠯ ᠳᠣ ᠣᠷᠣᠯᠴᠠᠵᠤ᠂ ᠮᠣᠩ᠋ᠭᠣᠯ ᠤᠯᠤᠰ ᠤᠨ ᠪᠠᠢᠢᠷᠢ ᠰᠠᠭᠤᠷᠢ ᠢᠢ ᠢᠯᠡᠷᠬᠡᠢᠢᠯᠡᠨ ᠦᠭᠡ ᠬᠡᠯᠡᠯ᠎ᠡ᠃

ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠬᠡᠯᠡᠭᠰᠡᠨ ᠦᠭᠡ ᠢᠢ ᠪᠦᠷᠢᠨ ᠡᠬᠢ ᠪᠠᠷ ᠨᠢ ᠬᠦᠷᠭᠡᠵᠤ ᠪᠠᠢᠢᠨ᠎ᠠ᠃

ᠨᠣᠶᠠᠨ ᠬᠤᠷᠠᠯ ᠤᠨ ᠳᠠᠷᠤᠭ᠎ᠠ ᠠ᠋᠂
ᠨᠣᠶᠠᠨ ᠶᠡᠷᠦᠩᠬᠡᠢ ᠨᠠᠷᠢᠨ ᠪᠢᠴᠢᠭ᠌ ᠦᠨ ᠳᠠᠷᠤᠭ᠎ᠠ ᠠ᠂
ᠬᠦᠨᠳᠦᠳᠦ ᠲᠥᠯᠥᠭᠡᠯᠡᠭᠴᠢᠳ ᠡ᠂
ᠬᠠᠲᠤᠭᠲᠠᠢ᠂ ᠨᠣᠶᠠᠳ ᠠ᠋᠂

ᠠᠭᠤᠷ ᠠᠮᠢᠰᠬᠤᠯ ᠤᠨ ᠥᠭᠡᠷᠡᠴᠢᠯᠡᠯᠲᠡ ᠢᠢᠨ ᠲᠤᠬᠠᠢ ᠨᠢᠭᠡᠳᠦᠭᠰᠡᠨ ᠦᠨᠳᠦᠰᠦᠨ ᠦ ᠪᠠᠢᠢᠭᠤᠯᠤᠯᠭ᠎ᠠ ᠢᠢᠨ ᠰᠠᠭᠤᠷᠢ ᠺᠣᠨ᠋ᠸᠧᠨ᠋ᠼ ᠤᠨ ᠣᠷᠣᠯᠴᠠᠭᠴᠢ ᠲᠠᠯ᠎ᠠ ᠨᠤᠭᠤᠳ ᠤᠨ 26 ᠳ᠋ᠤᠭᠠᠷ ᠪᠠᠭ᠎ᠠ ᠬᠤᠷᠠᠯ ᠢ ᠵᠣᠬᠢᠶᠠᠨ ᠪᠠᠢᠢᠭᠤᠯᠵᠤ ᠪᠤᠢ ᠪᠷᠢᠲ᠋ᠠᠨ ᠤ ᠵᠠᠰᠠᠭ ᠤᠨ ᠭᠠᠵᠠᠷ ᠲᠤ ᠴᠢᠩ ᠰᠡᠳᠬᠢᠯ ᠦᠨ ᠬᠠᠯᠠᠭᠤᠨ ᠪᠠᠶᠠᠷ ᠬᠦᠷᠭᠡᠵᠦ᠂ ᠪᠠᠭ᠎ᠠ ᠬᠤᠷᠠᠯ ᠤᠨ ᠦᠢᠯᠡ ᠠᠵᠢᠯᠯᠠᠭᠠᠨ ᠳᠤ ᠥᠨᠳᠥᠷ ᠠᠮᠵᠢᠯᠲᠠ ᠬᠦᠰᠡᠵᠦ ᠪᠠᠢᠢᠭ᠎ᠠ ᠢᠢ ᠮᠢᠨᠢ ᠬᠦᠯᠢᠶᠡᠨ ᠠᠪᠤᠨ᠎ᠠ ᠤᠤ᠃

ᠫᠠᠷᠢᠰ ᠤᠨ ᠬᠡᠯᠡᠯᠴᠡᠭᠡᠷ ᠢᠶᠡᠷ ᠲᠣᠬᠢᠷᠠᠭᠰᠠᠨ 2050 ᠣᠨ ᠳᠤ ᠬᠦᠷᠬᠦ ᠵᠣᠷᠢᠯᠲᠠ ᠪᠠᠨ ᠪᠡᠶᠡᠯᠡᠭᠦᠯᠬᠦ ᠳᠣ ᠤᠯᠤᠰ ᠣᠷᠣᠨ ᠪᠦᠷ ᠬᠡᠷᠡᠭᠵᠢᠭᠦᠯᠵᠦ ᠪᠠᠢᠢᠭ᠎ᠠ ᠠᠷᠭ᠎ᠠ ᠬᠡᠮᠵᠢᠶ᠎ᠡ ᠪᠡᠨ ᠡᠷᠭᠢᠨ ᠬᠠᠷᠠᠵᠤ᠂ ᠵᠣᠷᠢᠮᠠᠭ ᠰᠢᠢᠳᠪᠦᠷᠢᠲᠡᠢ ᠨᠢᠭᠡᠳᠦᠭᠰᠡᠨ ᠴᠣᠭᠴᠠ ᠪᠣᠳᠣᠯᠭ᠎ᠠ ᠭᠠᠷᠭᠠᠨ ᠬᠠᠮᠲᠤ ᠳᠤ ᠪᠠᠨ ᠲᠡᠮᠡᠴᠡᠬᠦ ᠱᠠᠭᠠᠷᠳᠠᠯᠭ᠎ᠠ ᠲᠠᠢ ᠪᠣᠯᠵᠤ ᠪᠠᠢᠢᠭ᠎ᠠ ᠢᠢ ᠳᠡᠯᠡᠬᠡᠢ ᠨᠡᠢᠢᠲᠡ ᠪᠡᠷ ᠢᠶᠡᠨ ᠬᠦᠯᠢᠶᠡᠨ ᠵᠥᠪᠰᠢᠶᠡᠷᠡᠵᠤ ᠪᠠᠢᠢᠨ᠎ᠠ᠃

ᠮᠥᠨ ᠲᠡᠭᠦᠨᠴᠢᠯᠡᠨ ᠬᠦᠮᠦᠨ ᠲᠥᠷᠥᠯᠬᠢᠲᠡᠨ ᠺᠣᠸᠢᠳ᠋-19 ᠴᠠᠷ᠎ ᠲᠠᠬᠤᠯ ᠲᠠᠢ ᠨᠢᠭᠤᠷ ᠲᠤᠯᠵᠤ ᠪᠤᠢ ᠡᠨᠡ ᠴᠠᠭ ᠦᠶ᠎ᠡ ᠪᠢᠳᠡᠨ ᠳᠣ ᠪᠠᠢᠢᠭᠠᠯᠢ ᠳᠡᠯᠡᠬᠡᠢ ᠲᠡᠢ ᠪᠡᠨ ᠬᠠᠷᠢᠴᠠᠬᠤ ᠬᠠᠨᠳᠤᠯᠭ᠎ᠠ ᠪᠠᠨ ᠥᠭᠡᠷᠡᠴᠢᠯᠡᠵᠦ᠂ ᠨᠣᠭᠣᠭᠠᠨ ᠬᠥᠭ᠍ᠵᠢᠯ ᠢ ᠡᠷᠴᠢᠮᠵᠢᠭᠦᠯᠬᠦ ᠵᠣᠷᠢᠮᠠᠭ᠂ ᠰᠢᠢᠳᠪᠦᠷᠢᠲᠡᠢ ᠠᠯᠬᠤᠮ ᠤᠳ ᠢ ᠠᠪᠴᠤ ᠬᠡᠷᠡᠭᠵᠢᠭᠦᠯᠬᠦ ᠱᠠᠭᠠᠷᠳᠠᠯᠭ᠎ᠠ ᠲᠠᠢ ᠪᠠᠢᠢᠭ᠎ᠠ ᠢᠢ ᠰᠠᠨᠠᠭᠤᠯᠵᠤ ᠪᠠᠢᠢᠨ᠎ᠠ᠃

ᠬᠤᠷᠠᠯ ᠤᠨ ᠳᠠᠷᠤᠭ᠎ᠠ ᠠ᠋᠂

ᠠᠭᠤᠷ ᠠᠮᠢᠰᠬᠤᠯ ᠤᠨ ᠥᠭᠡᠷᠡᠴᠢᠯᠡᠯᠲᠡᠳ ᠶᠡᠬᠡ ᠪᠡᠷ ᠥᠷᠲᠥᠵᠦ ᠪᠤᠢ ᠣᠷᠣᠨ ᠨᠤᠭᠤᠳ ᠤᠨ ᠨᠢᠭᠡ ᠪᠣᠯᠬᠤ ᠮᠣᠩ᠋ᠭᠣᠯ ᠤᠯᠤᠰ ᠬᠦᠯᠡᠮᠵᠢ ᠢᠢᠨ ᠬᠡᠢ ᠢᠢ ᠪᠠᠭᠤᠷᠠᠭᠤᠯᠬᠤ᠂ ᠰᠢᠩᠭᠡᠭᠡᠯᠲᠡ ᠢᠢ ᠨᠡᠮᠡᠭᠳᠡᠭᠦᠯᠬᠦ ᠳᠣ ᠴᠢᠭᠯᠡᠭᠰᠡᠨ ᠣᠯᠠᠨ ᠤᠯᠤᠰ ᠤᠨ ᠬᠠᠮᠲᠤ ᠢᠢᠨ ᠨᠡᠢᠢᠭᠡᠮᠯᠢᠭ᠌ ᠦᠨ ᠴᠢᠷᠮᠠᠢᠢᠯᠲᠠ ᠢᠢ ᠪᠦᠷᠢᠨ ᠳᠡᠮᠵᠢᠵᠦ᠂ ᠫᠠᠷᠢᠰ ᠤᠨ ᠬᠡᠯᠡᠯᠴᠡᠭᠡᠷ ᠢᠶᠡᠷ ᠬᠦᠯᠢᠶᠡᠭᠰᠡᠨ ᠡᠭᠦᠷᠭᠡ ᠠᠮᠠᠯᠠᠯᠲᠠ ᠪᠠᠨ ᠪᠡᠶᠡᠯᠡᠭᠦᠯᠬᠦ ᠢᠢᠨ ᠲᠥᠯᠥᠭᠡ ᠪᠦᠬᠦ ᠪᠣᠯᠤᠮᠵᠢ ᠨᠥᠬᠥᠴᠡᠯ ᠢᠶᠡᠨ ᠳᠠᠢᠢᠴᠢᠯᠠᠨ ᠠᠵᠢᠯᠯᠠᠬᠤ ᠪᠣᠯᠤᠨ᠎ᠠ ᠭᠡᠳᠡᠭ ᠢᠶᠡᠨ ᠳᠠᠬᠢᠨ ᠨᠣᠲᠠᠯᠠᠵᠤ ᠪᠠᠢᠢᠨ᠎ᠠ᠃

ᠮᠣᠩ᠋ᠭᠣᠯ ᠤᠯᠤᠰ 《ᠦᠨᠳᠦᠰᠦᠨ ᠦ ᠲᠣᠳᠣᠷᠬᠠᠢᠢᠯᠠᠭᠰᠠᠨ ᠬᠤᠪᠢ ᠨᠡᠮᠡᠷᠢ》 ᠪᠢᠴᠢᠭ᠌ ᠪᠠᠷᠢᠮᠲᠠ ᠢᠢᠨ ᠬᠦᠷᠢᠶᠡᠨ ᠳᠣ ᠠᠭᠤᠷ ᠠᠮᠢᠰᠬᠤᠯ ᠤᠨ ᠥᠭᠡᠷᠡᠴᠢᠯᠡᠯᠲᠡ ᠢᠢᠨ ᠭᠣᠣᠯ ᠰᠢᠯᠲᠠᠭᠠᠨ ᠪᠣᠯᠵᠤ ᠪᠤᠢ ᠬᠦᠯᠡᠮᠵᠢ ᠢᠢᠨ ᠬᠡᠢ ᠢᠢᠨ ᠢᠯᠭᠠᠷᠠᠯ ᠢ 2030 ᠣᠨ ᠭᠡᠬᠦ ᠳᠣ 22.7 ᠬᠤᠪᠢ ᠬᠦᠷᠲᠡᠯ᠎ᠡ ᠪᠠᠭᠤᠷᠠᠭᠤᠯᠬᠤ ᠪᠠᠷ ᠠᠬᠢᠭᠤᠯᠤᠨ ᠲᠣᠳᠣᠷᠬᠠᠢᠢᠯᠠᠯ᠎ᠠ᠃

ᠳᠡᠪᠰᠢᠯᠲᠡᠲᠦ ᠲᠧᠭᠨᠣᠯᠣᠭᠢ᠂ ᠢᠨ᠋ᠨᠣᠸᠠᠼ ᠢ ᠨᠡᠪᠲᠡᠷᠡᠭᠦᠯᠵᠦ᠂ ᠱᠠᠭᠠᠷᠳᠠᠯᠭ᠎ᠠ ᠲᠠᠢ ᠰᠠᠩᠬᠦᠵᠢᠯᠲᠡ ᠢᠢ ᠨᠡᠮᠡᠭᠳᠡᠭᠦᠯᠬᠦ ᠵᠠᠮ ᠢᠶᠠᠷ ᠳᠡᠭᠡᠷᠡᠬᠢ ᠵᠣᠷᠢᠯᠲᠠ ᠪᠠᠨ 27.2 ᠬᠤᠪᠢ ᠬᠦᠷᠲᠡᠯ᠎ᠡ ᠠᠬᠢᠭᠤᠯᠬᠤ ᠪᠣᠯᠤᠮᠵᠢ ᠪᠠᠢᠢᠭ᠎ᠠ ᠢᠢ ᠡᠨᠡᠬᠦ ᠳᠡᠭᠡᠳᠦ ᠲᠦᠪᠰᠢᠨ ᠦ ᠠᠭᠤᠯᠵᠠᠯᠲᠠ ᠢᠢᠨ ᠶᠡᠨᠳᠡᠷ ᠳᠡᠭᠡᠷ᠎ᠡ ᠡᠴᠡ ᠳᠠᠭᠤᠯᠭᠠᠬᠤ ᠳᠤ ᠲᠠᠭᠠᠲᠠᠢ ᠪᠠᠢᠢᠨ᠎ᠠ᠃

ᠵᠡᠭᠦᠨ ᠬᠣᠢᠢᠳᠦ ᠤ ᠠᠽᠢᠶ᠎ᠠ ᠢᠢᠨ ᠣᠷᠣᠨ ᠨᠤᠭᠤᠳ ᠤᠨ ᠴᠠᠬᠢᠯᠭᠠᠨ ᠡᠷᠴᠢᠮ ᠬᠦᠴᠦᠨ ᠦ ᠬᠡᠷᠡᠭᠯᠡᠭᠡᠨ ᠦ ᠥᠰᠦᠯᠲᠡ ᠢᠢ ᠬᠠᠩ᠋ᠭᠠᠬᠤ᠂ ᠰᠡᠷᠬᠦᠭᠡᠭ᠍ᠳᠡᠬᠦ ᠡᠷᠴᠢᠮ ᠬᠦᠴᠦᠨ ᠦ ᠦᠢᠯᠡᠳᠪᠦᠷᠢᠯᠡᠯ ᠦᠨ ᠬᠤᠪᠢ ᠬᠡᠮᠵᠢᠶ᠎ᠡ ᠢᠢ ᠨᠡᠮᠡᠭᠳᠡᠭᠦᠯᠬᠦ ᠢᠢᠨ ᠲᠤᠯᠠᠳᠠ ᠪᠥᠰᠡ ᠨᠤᠲᠤᠭ ᠤᠨ ᠬᠡᠮᠵᠢᠶᠡᠨ ᠳᠣ ᠬᠢᠯᠢ ᠳᠠᠮᠨᠠᠭᠰᠠᠨ ᠡᠷᠴᠢᠮ ᠬᠦᠴᠦᠨ ᠦ ᠬᠠᠷᠢᠯᠴᠠᠨ ᠬᠣᠯᠪᠣᠯᠲᠠ ᠢᠢ ᠬᠥᠭ᠍ᠵᠢᠭᠦᠯᠬᠦ ᠨᠢ ᠴᠢᠬᠤᠯᠠ ᠡᠭᠦᠷᠭᠡ ᠲᠡᠢ᠃

ᠮᠣᠩ᠋ᠭᠣᠯ ᠤᠯᠤᠰ ᠰᠡᠷᠬᠦᠭᠡᠭ᠍ᠳᠡᠬᠦ ᠡᠷᠴᠢᠮ ᠬᠦᠴᠦᠨ ᠦ ᠡᠬᠢ ᠡᠭᠦᠰᠪᠦᠷᠢ ᠢᠢ ᠨᠡᠮᠡᠭᠳᠡᠭᠦᠯᠬᠦ᠂ ᠴᠢᠨᠠᠭᠰᠢᠯᠠᠭᠠᠳ ᠵᠡᠭᠦᠨ ᠬᠣᠢᠢᠳᠦ ᠠᠽᠢᠶ᠎ᠠ ᠢᠢᠨ ᠡᠷᠴᠢᠮ ᠬᠦᠴᠦᠨ ᠦ ᠬᠠᠩᠭᠠᠮᠵᠢ ᠢᠢ ᠰᠠᠢᠢᠵᠢᠷᠠᠭᠤᠯᠬᠤ ᠵᠣᠷᠢᠯᠭ᠎ᠠ ᠪᠠᠷ ᠠᠽᠢᠶ᠎ᠠ ᠢᠢᠨ ᠰᠤᠫᠧᠷ ᠰᠦᠯᠵᠢᠶ᠎ᠡ ᠰᠠᠨᠠᠭᠠᠴᠢᠯᠠᠭ᠎ᠠ ᠢᠢ ᠳᠡᠮᠵᠢᠵᠦ ᠪᠠᠢᠢᠭ᠎ᠠ ᠪᠢᠯᠡ᠃ ᠡᠨᠡ ᠬᠦᠷᠢᠶᠡᠨ ᠳᠣ ᠭᠣᠪᠢ ᠢᠢᠨ ᠪᠥᠰᠡ ᠢᠢᠨ ᠨᠠᠷᠠ᠂ ᠰᠠᠯᠬᠢᠨ ᠤ ᠠᠷᠪᠢᠨ ᠨᠥᠭᠡᠴᠡ ᠳᠣ ᠪᠡᠨ ᠲᠤᠯᠭᠠᠭᠤᠷᠢᠯᠠᠨ ᠲᠣᠮᠣᠬᠠᠨ ᠡᠷᠴᠢᠮ ᠬᠦᠴᠦᠨ ᠦ ᠴᠣᠭᠴᠠᠯᠠᠪᠤᠷᠢ ᠪᠠᠢᠢᠭᠤᠯᠬᠤ ᠪᠠᠷ ᠪᠥᠰᠡ ᠨᠤᠲᠤᠭ ᠤᠨ ᠣᠷᠣᠨ ᠨᠤᠭᠤᠳ ᠲᠠᠢ ᠢᠳᠡᠪᠬᠢᠲᠡᠢ ᠬᠠᠮᠲᠤᠷᠠᠨ ᠠᠵᠢᠯᠯᠠᠵᠤ ᠪᠠᠢᠢᠨ᠎ᠠ᠃

ᠮᠠᠨ ᠤ ᠤᠯᠤᠰ СОР-26 ᠳᠡᠭᠡᠳᠦ ᠬᠡᠮᠵᠢᠶᠡᠨ ᠦ ᠠᠭᠤᠯᠵᠠᠯᠲᠠ ᠢᠢ ᠤᠭᠲᠤᠵᠤ᠂ ᠨᠡᠢᠢᠰᠯᠡᠯ ᠤᠯᠠᠭᠠᠨᠪᠠᠭᠠᠲᠤᠷ ᠬᠣᠲᠠᠨ᠎ᠠ ᠬᠣᠶᠠᠷ ᠳᠣᠯᠣᠭ᠎ᠠ ᠬᠣᠨᠣᠭ ᠤᠨ ᠡᠮᠦᠨ᠎ᠡ 《ᠮᠣᠩ᠋ᠭᠣᠯ ᠤᠯᠤᠰ-ᠨᠣᠭᠣᠭᠠᠨ ᠬᠥᠭ᠍ᠵᠢᠯ》 ᠰᠡᠳᠦᠪᠲᠦ ᠣᠯᠠᠨ ᠤᠯᠤᠰ ᠤᠨ ᠬᠡᠯᠡᠯᠴᠡᠭᠦᠯᠭᠡ ᠠᠮᠵᠢᠯᠲᠠᠲᠠᠢ ᠵᠣᠬᠢᠶᠠᠨ ᠪᠠᠢᠢᠭᠤᠯᠤᠭᠰᠠᠨ ᠭᠡᠳᠡᠭ ᠢᠶᠡᠨ ᠲᠠ ᠪᠦᠬᠦᠨ ᠳᠣ ᠳᠠᠭᠤᠯᠭᠠᠬᠤ ᠳᠤ ᠲᠠᠭᠠᠲᠠᠢ ᠪᠠᠢᠢᠨ᠎ᠠ᠃

ᠮᠣᠩ᠋ᠭᠣᠯ ᠤᠯᠤᠰ ᠠᠭᠤᠷ ᠠᠮᠢᠰᠬᠤᠯ ᠤᠨ ᠥᠭᠡᠷᠡᠴᠢᠯᠡᠯᠲᠡ ᠢᠢᠨ ᠠᠰᠠᠭᠤᠳᠠᠯ ᠢ ᠰᠢᠢᠳᠪᠦᠷᠢᠯᠡᠬᠦ ᠳᠣ ᠬᠤᠪᠢ ᠨᠡᠮᠡᠷᠢ ᠣᠷᠣᠭᠤᠯᠬᠤ ᠢᠢᠨ ᠲᠤᠯᠠᠳᠠ ᠬᠦᠯᠡᠮᠵᠢ ᠢᠢᠨ ᠬᠡᠢ ᠢᠢᠨ ᠰᠢᠩᠭᠡᠭᠡᠯᠲᠡ ᠢᠢ ᠨᠡᠮᠡᠭᠳᠡᠭᠦᠯᠬᠦ᠂ ᠡᠳ᠋ ᠍ ᠦᠨ ᠵᠠᠰᠠᠭ ᠤᠨ ᠠᠷᠭ᠎ᠠ ᠪᠠᠷ ᠴᠥᠯᠵᠢᠯᠲᠡ ᠲᠡᠢ ᠲᠡᠮᠡᠴᠡᠵᠦ ᠶᠠᠳᠠᠭᠤᠷᠠᠯ ᠢ ᠪᠠᠭᠤᠷᠠᠭᠤᠯᠬᠤ᠂ ᠠᠭᠤᠷ ᠠᠮᠢᠰᠬᠤᠯ ᠤᠨ ᠥᠭᠡᠷᠡᠴᠢᠯᠡᠯᠲᠡᠳ ᠢᠯᠡᠭᠦᠦ ᠥᠷᠲᠦᠳᠡᠭ ᠬᠡᠦᠬᠡᠳ᠂ ᠡᠮᠡᠭᠲᠡᠢᠢᠴᠦᠳ ᠦᠨ ᠨᠡᠢᠢᠭᠡᠮ ᠤᠨ ᠡᠷᠡᠭᠦᠯ ᠮᠡᠨᠳᠦ ᠢᠢ ᠬᠠᠮᠠᠭᠠᠯᠠᠬᠤ᠂ ᠠᠮᠢᠳᠤᠷᠠᠯ ᠤᠨ ᠴᠢᠨᠠᠷ ᠢ ᠰᠠᠢᠢᠵᠢᠷᠠᠭᠤᠯᠬᠤ ᠵᠣᠷᠢᠯᠭ᠎ᠠ ᠪᠠᠷ 2030 ᠣᠨ ᠭᠡᠬᠦ ᠳᠣ ᠲᠡᠷᠪᠤᠮ ᠢᠶᠠᠷ ᠲᠣᠭᠠᠯᠠᠭᠳᠠᠬᠤ ᠮᠣᠳᠣ ᠲᠠᠷᠢᠵᠤ ᠤᠷᠭᠤᠭᠤᠯᠬᠤ ᠦᠨᠳᠦᠰᠦᠨ ᠦ ᠬᠥᠳᠡᠯᠭᠡᠭᠡᠨ ᠢ ᠥᠷᠨᠢᠭᠦᠯᠵᠦ ᠡᠬᠢᠯᠡᠭᠡᠳ ᠪᠠᠢᠢᠨ᠎ᠠ᠃

ᠡᠨᠡᠬᠦ ᠬᠥᠳᠡᠯᠭᠡᠭᠡᠨ ᠦ ᠬᠦᠷᠢᠶᠡᠨ ᠳᠣ ᠮᠣᠩ᠋ᠭᠣᠯ ᠤᠯᠤᠰ ᠵᠢᠯ ᠪᠦᠷᠢ ᠳᠣᠲᠤᠭᠠᠳᠤ ᠢᠢᠨ ᠨᠡᠢᠢᠲᠠ ᠪᠦᠳᠦᠭᠡᠭ᠍ᠳᠡᠬᠦᠨ ᠦ ᠪᠡᠨ ᠨᠢᠭᠡ ᠡᠴᠡ ᠳᠣᠭᠣᠭᠰᠢ ᠦᠭᠡᠢ ᠬᠤᠪᠢ ᠢᠢ ᠬᠥᠷᠥᠩᠭᠡ᠂ ᠰᠠᠩᠬᠦᠦ ᠢᠢ ᠠᠭᠤᠷ ᠠᠮᠢᠰᠬᠤᠯ ᠤᠨ ᠥᠭᠡᠷᠡᠴᠢᠯᠡᠯᠲᠡ᠂ ᠴᠥᠯᠵᠢᠯᠲᠡ ᠢᠢᠨ ᠬᠣᠣᠷ ᠤᠷᠰᠢᠭ ᠢ ᠪᠠᠭᠤᠷᠠᠭᠤᠯᠬᠤ ᠳᠤ ᠵᠣᠷᠢᠭᠤᠯᠵᠤ ᠪᠠᠢᠢᠬᠤ ᠪᠠᠷ ᠰᠢᠢᠳᠪᠦᠷᠢᠯᠡᠵᠦ ᠪᠠᠢᠢᠨ᠎ᠠ᠃

《ᠠᠮᠢᠳᠤᠷᠠᠯ ᠤᠨ ᠡᠬᠡ ᠤᠰᠤ᠂ ᠤᠰᠤᠨ ᠤ ᠡᠬᠡ ᠮᠣᠳᠣ》 ᠭᠡᠵᠦ ᠮᠠᠨ ᠤ ᠠᠷᠠᠳ ᠲᠦᠮᠡᠨ ᠶᠠᠷᠢᠳᠠᠭ᠃ ᠮᠣᠩ᠋ᠭᠣᠯᠴᠤᠳ ᠤᠨ ᠪᠠᠢᠢᠭᠠᠯᠢ ᠳᠡᠯᠡᠬᠡᠢ ᠪᠡᠨ ᠬᠠᠢᠢᠷᠠᠯᠠᠨ ᠬᠠᠮᠠᠭᠠᠯᠠᠳᠠᠭ ᠰᠤᠶᠤᠯ ᠤᠯᠠᠮᠵᠢᠯᠠᠯ ᠤᠨ ᠨᠢᠭᠡᠨ ᠢᠯᠡᠷᠡᠯ ᠪᠣᠯᠬᠤ ᠲᠡᠷᠪᠤᠮ ᠢᠶᠠᠷ ᠲᠣᠭᠠᠯᠠᠭᠳᠠᠬᠤ ᠮᠣᠳᠣ ᠲᠠᠷᠢᠵᠤ ᠤᠷᠭᠤᠭᠤᠯᠬᠤ ᠰᠠᠨᠠᠭᠠᠴᠢᠯᠠᠭ᠎ᠠ ᠬᠡᠷᠡᠭᠵᠢᠭᠰᠡᠨ ᠢᠶᠡᠷ ᠠᠽᠢᠶ᠎ᠠ ᠲᠢᠪ ᠲᠡᠳᠦᠢ ᠦᠭᠡᠢ ᠠᠮᠧᠷᠢᠺᠠ ᠲᠢᠪ ᠬᠦᠷᠴᠦ ᠪᠠᠢᠢᠭᠠᠯᠢ ᠡᠺᠣᠯᠣᠭᠢ᠂ ᠡᠷᠡᠭᠦᠯ ᠮᠡᠨᠳᠦ᠂ ᠡᠳ᠋ ᠍ ᠦᠨ ᠵᠠᠰᠠᠭ ᠤᠨ ᠬᠣᠣᠷ ᠬᠣᠬᠢᠷᠠᠯ ᠤᠴᠠᠷᠠᠭᠤᠯᠵᠤ ᠪᠠᠢᠢᠭ᠎ᠠ ᠰᠢᠷ᠎ᠠ ᠰᠢᠷᠤᠢᠢᠨ ᠰᠢᠭᠤᠷᠭ᠎ᠠ ᠢᠢ ᠪᠠᠭᠤᠷᠠᠭᠤᠯᠬᠤ ᠳᠤ ᠴᠢᠬᠤᠯᠠ ᠨᠥᠯᠥᠭᠡ ᠦᠵᠡᠭᠦᠯᠦᠨ᠎ᠡ ᠭᠡᠵᠦ ᠦᠵᠡᠵᠦ ᠪᠠᠢᠢᠨ᠎ᠠ᠃
ᠡᠷᠬᠢᠮ ᠬᠤᠷᠠᠯ ᠤᠨ ᠳᠠᠷᠤᠭ᠎ᠠ ᠠ᠋᠂

ᠡᠴᠦᠰ ᠲᠦ ᠨᠢ ᠬᠡᠯᠡᠬᠦ ᠳᠣ ᠪᠠᠭ᠎ᠠ᠂ ᠳᠤᠮᠳᠠ ᠣᠷᠣᠯᠭ᠎ᠠ ᠲᠠᠢ ᠣᠷᠣᠨ ᠨᠤᠭᠤᠳ ᠲᠤ ᠴᠢᠭᠯᠡᠭᠰᠡᠨ ᠠᠭᠤᠷ᠂ ᠠᠮᠢᠰᠬᠤᠯ ᠤᠨ ᠥᠭᠡᠷᠡᠴᠢᠯᠡᠯᠲᠡ ᠲᠡᠢ ᠲᠡᠮᠡᠴᠡᠬᠦ ᠳᠣ ᠨᠢ ᠵᠣᠷᠢᠭᠤᠯᠤᠭᠰᠠᠨ ᠬᠥᠷᠥᠩᠭᠡ ᠢᠢᠨ ᠤᠷᠤᠰᠬᠠᠯ ᠢ ᠨᠡᠮᠡᠭᠳᠡᠭᠦᠯᠬᠦ ᠳᠣ ᠪᠥᠰᠡ ᠨᠤᠲᠤᠭ ᠪᠣᠯᠤᠨ ᠣᠯᠠᠨ ᠤᠯᠤᠰ ᠤᠨ ᠨᠢᠭ᠌ᠲᠠ ᠬᠠᠮᠲᠤ ᠢᠢᠨ ᠠᠵᠢᠯᠯᠠᠭ᠎ᠠ ᠪᠠᠨ ᠣᠨᠴᠤᠭᠤᠢ ᠡᠭᠦᠷᠭᠡ ᠲᠡᠢ ᠪᠣᠯᠬᠤ ᠢᠢ ᠴᠣᠬᠣᠨ ᠲᠡᠮᠳᠡᠭᠯᠡᠵᠦ ᠪᠠᠢᠢᠨ᠎ᠠ᠃

ᠳᠡᠯᠡᠬᠡᠢ ᠨᠡᠢᠢᠲᠡ ᠢᠢᠨ ᠪᠦᠬᠦ ᠴᠠᠭ ᠦᠶ᠎ᠡ ᠢᠢᠨ ᠬᠠᠮᠤᠭ ᠤᠨ ᠲᠣᠮᠣ ᠠᠰᠠᠭᠤᠳᠠᠯ ᠪᠣᠯᠬᠤ ᠠᠭᠤᠷ ᠠᠮᠢᠰᠬᠤᠯ ᠤᠨ ᠥᠭᠡᠷᠡᠴᠢᠯᠡᠯᠲᠡ ᠲᠡᠢ ᠲᠡᠮᠡᠴᠡᠬᠦ᠂ ᠡᠬᠡ ᠪᠠᠢᠢᠭᠠᠯᠢ ᠳᠠᠭᠠᠨ ᠬᠠᠷᠢᠭᠤᠴᠠᠯᠭ᠎ᠠ ᠲᠠᠢ ᠬᠠᠨᠳᠤᠨ ᠦᠷ᠎ᠡ ᠬᠣᠢᠢᠴᠢ ᠳᠤ ᠪᠠᠨ ᠨᠣᠭᠣᠭᠠᠨ ᠢᠷᠡᠭᠡᠳᠦᠢ ᠢᠢ ᠥᠪᠯᠡᠭᠦᠯᠦᠨ ᠦᠯᠡᠳᠡᠭᠡᠬᠦ ᠡᠷᠬᠢᠮ ᠵᠣᠷᠢᠯᠭ᠎ᠠ ᠪᠠᠨ ᠪᠡᠶᠡᠯᠡᠭᠦᠯᠬᠦ ᠳᠣ ᠭᠠᠭᠴᠠ ᠬᠦ ᠲᠠ ᠪᠢᠳᠡᠨ ᠦ ᠬᠠᠷᠢᠯᠴᠠᠨ ᠣᠢᠢᠯᠠᠭᠠᠯᠴᠠᠯ᠂ ᠬᠠᠮᠲᠤ ᠢᠢᠨ ᠠᠵᠢᠯᠯᠠᠭ᠎ᠠ ᠪᠠᠨ᠂ ᠵᠣᠷᠢᠮᠠᠭ ᠰᠢᠢᠳᠪᠦᠷᠢ᠂ ᠲᠤᠭᠤᠰᠢᠲᠠᠢ ᠬᠢᠴᠢᠶᠡᠯ ᠵᠢᠳᠬᠦᠯ ᠨᠡᠩ ᠴᠢᠬᠤᠯᠠ ᠶᠤᠮ᠃

ᠡᠨᠡᠬᠦ ᠦᠢᠯᠡ ᠬᠡᠷᠡᠭ ᠦᠨ ᠲᠥᠯᠥᠭᠡ ᠳᠡᠯᠡᠬᠡᠢ ᠢᠢᠨ ᠤᠯᠤᠰ ᠲᠦᠮᠡᠨ ᠨᠦᠭᠦᠳ ᠬᠦᠴᠦ ᠪᠡᠨ ᠨᠢᠭᠡᠳᠬᠡᠬᠦ ᠴᠠᠭ ᠪᠣᠯᠵᠠᠢ᠃

ᠠᠩ᠋ᠬᠠᠷᠤᠯ ᠬᠠᠨᠳᠤᠭᠤᠯᠤᠭᠰᠠᠨ ᠲᠠ ᠪᠦᠬᠦᠨ ᠳᠣ ᠪᠠᠶᠠᠷᠯᠠᠯ᠎ᠠ᠃