《ᠮᠣᠩ᠋ᠭᠣᠯ ᠪᠠᠭᠠᠲᠤᠷᠯᠢᠭ ᠲᠤᠤᠯᠢᠰ ᠢᠶᠠᠨ ᠳᠡᠭᠡᠳᠦᠯᠡᠨ ᠳᠡᠯᠭᠡᠷᠡᠭᠦᠯᠬᠦ ᠲᠤᠬᠠᠢ》 ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠵᠠᠷᠯᠢᠭ ᠤᠨ ᠳᠠᠭᠠᠭᠤ 《ᠠᠷᠭᠢᠯ ᠴᠠᠭᠠᠨ ᠡᠪᠦᠭᠡᠨ》 ᠲᠤᠤᠯᠢ ᠬᠠᠢᠢᠯᠠᠬᠤ᠂ 《ᠡᠷ᠎ᠡ ᠢᠢᠨ ᠰᠠᠢᠢᠨ ᠬᠠᠨ ᠬᠠᠷᠠᠩ᠋ᠭᠤᠢ》᠂ 《ᠬᠢᠯᠢᠩ ᠭᠠᠯᠵᠠᠭᠤ ᠪᠠᠭᠠᠲᠤᠷ》᠂ 《ᠨᠠᠷᠠᠨ ᠬᠠᠨ ᠬᠥᠪᠡᠭᠦᠨ》 ᠲᠤᠤᠯᠢᠰ ᠢ ᠲᠥᠷᠦ ᠢᠢᠨ ᠶᠣᠰᠣᠯᠠᠯ᠂ ᠬᠦᠨᠳᠦᠳᠬᠡᠯ ᠦᠨ ᠭᠡᠷ ᠥᠷᠭᠦᠭᠡᠨ ᠳᠥ ᠵᠠᠯᠠᠬᠤ ᠶᠣᠰᠣᠯᠠᠯ ᠪᠣᠯᠤᠯ᠎ᠠ᠃
ᠬᠦᠨᠳᠦᠳᠬᠡᠯ ᠦᠨ ᠶᠣᠰᠣᠯᠠᠯ ᠳᠤ ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊ ∙ ᠬᠦᠷᠡᠯᠰᠦ᠋ᠬᠡ᠂ ᠤᠯᠤᠰ ᠤᠨ ᠶᠡᠬᠡ ᠬᠤᠷᠠᠯ ᠤᠨ ᠳᠠᠷᠤᠭ᠎ᠠ ᠭ ∙ ᠽᠠᠨ᠋ᠳᠠᠨᠰᠢᠲᠠᠷᠠ᠂ ᠶᠡᠷᠦᠩᠬᠡᠢ ᠰᠠᠢᠢᠳ ᠯ ∙ ᠣᠶᠤᠨ-ᠡᠷᠳᠡᠨᠢ ᠨᠠᠷ ᠣᠷᠣᠯᠴᠠᠪᠠ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊ ∙ ᠬᠦᠷᠡᠯᠰᠦ᠋ᠬᠡ ᠦᠭᠡ ᠬᠡᠯᠡᠵᠦ᠂ ᠲᠤᠤᠯᠢᠰ ᠢ ᠵᠠᠯᠠᠭᠰᠠᠨ ᠤ ᠳᠠᠷᠠᠭ᠎ᠠ ᠪᠠᠶᠠᠨ-ᠠᠯᠲᠠᠢ ᠢᠢᠨ ᠤᠳᠤᠮ ᠤᠨ ᠳᠥᠷᠪᠡ ᠳ᠋ᠡᠬᠢ ᠦᠶ᠎ᠡ ᠢᠢᠨ ᠲᠤᠤᠯᠢᠴᠢ᠂ ᠮᠣᠩ᠋ᠭᠣᠯ ᠤᠯᠤᠰ ᠤᠨ ᠰᠣᠶᠣᠯ ᠤᠨ ᠭᠠᠪᠢᠶᠠᠲᠤ ᠵᠢᠳᠬᠦᠯᠲᠡᠨ ᠡᠷᠳᠡᠨᠢᠴᠣᠭᠲᠤ ᠢᠢᠨ ᠪᠠᠭᠠᠲᠤᠷᠵᠠᠪ᠂ ᠵᠢᠯᠬᠡᠷ ᠦᠨ ᠤᠳᠤᠮ ᠤᠨ ᠶᠢᠰᠦ ᠳ᠋ᠡᠬᠢ ᠦᠶ᠎ᠡ ᠢᠢᠨ ᠲᠤᠤᠯᠢᠴᠢ᠂ ᠮᠣᠩ᠋ᠭᠣᠯ ᠤᠯᠤᠰ ᠤᠨ ᠰᠣᠶᠣᠯ ᠤᠨ ᠭᠠᠪᠢᠶᠠᠲᠤ ᠵᠢᠳᠬᠦᠯᠲᠡᠨ ᠠᠪᠤᠷᠢᠮᠡᠳ ᠦᠨ ᠪᠠᠯᠳᠠᠨᠳᠣᠷᠵᠢ ᠨᠠᠷ 《ᠠᠯᠲᠠᠢ ᠢᠢᠨ ᠮᠠᠭᠲᠠᠭᠠᠯ》 ᠍ ᠢ ᠠᠶᠠᠯᠭᠤᠯᠠᠨ ᠬᠠᠢᠢᠯᠠᠯ᠎ᠠ᠃
ᠡᠭᠦᠨ ᠦ ᠳᠠᠷᠠᠭ᠎ᠠ 3800 ᠣᠷᠴᠢᠮ ᠮᠥᠷ ᠰᠢᠯᠦᠭ ᠲᠡᠢ 《ᠠᠷᠭᠢᠯ ᠴᠠᠭᠠᠨ ᠡᠪᠦᠭᠡᠨ》 ᠲᠤᠤᠯᠢ ᠢᠢ ᠬᠠᠢᠢᠯᠠᠵᠤ ᠡᠬᠢᠯᠡᠪᠡ᠃ 《ᠠᠷᠭᠢᠯ ᠴᠠᠭᠠᠨ ᠡᠪᠦᠭᠡᠨ》 ᠲᠤᠤᠯᠢ ᠨᠢ ᠰᠠᠢᠢᠨ ᠰᠠᠢᠢᠬᠠᠨ ᠪᠦᠬᠦᠨ ᠢ ᠳᠡᠯᠭᠡᠷᠡᠭᠦᠯᠵᠦ᠂ ᠮᠠᠭᠤ ᠮᠠᠭᠤᠬᠠᠢ ᠪᠦᠬᠦᠨ ᠢ ᠳᠠᠷᠤᠵᠤ ᠪᠠᠢᠢᠬᠤ ᠪᠡᠯᠭᠡᠳᠡᠯ ᠲᠡᠢ ᠴᠠᠭᠠᠨ ᠲᠤᠤᠯᠢ ᠶᠤᠮ᠃ 《ᠠᠷᠭᠢᠯ ᠴᠠᠭᠠᠨ ᠡᠪᠦᠭᠡᠨ》 ᠲᠤᠤᠯᠢ ᠢᠢ ᠥᠷᠯᠥᠭᠡᠨ ᠦ 11᠄40 ᠴᠠᠭ ᠲᠤ ᠬᠠᠢᠢᠯᠠᠵᠤ ᠡᠬᠢᠯᠡᠨ 18᠄30 ᠴᠠᠭ ᠲᠤ ᠵᠢᠷᠭᠠᠭᠠᠨ᠎ᠠ᠃
ᠶᠣᠰᠣᠯᠠᠯ ᠤᠨ ᠦᠶ᠎ᠡ ᠪᠡᠷ ᠮᠣᠩ᠋ᠭᠣᠯ ᠤᠯᠤᠰ ᠤᠨ ᠰᠤᠶᠤᠯ ᠤᠨ ᠰᠠᠢᠢᠳ ᠴ ∙ ᠨᠣᠮᠢᠨ᠂ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠵᠦᠪᠯᠡᠬᠦ᠂ ᠳ᠋ᠣᠺᠲ᠋ᠣᠷ ᠲ ∙ ᠪᠤᠮᠠᠸᠴᠢᠷ᠂ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠳᠡᠷᠭᠡᠳᠡᠬᠢ ᠬᠡᠯᠡᠨ ᠦ ᠪᠣᠳᠣᠯᠭ᠎ᠠ ᠢᠢᠨ ᠦᠨᠳᠦᠰᠦᠨ ᠦ ᠵᠥᠪᠯᠡᠯ ᠦᠨ ᠳᠠᠷᠤᠭ᠎ᠠ᠂ ᠠᠷᠠᠳ ᠤᠨ ᠪᠠᠭᠰᠢ ᠰ ∙ ᠳᠤᠯᠮ᠎ᠠ᠂ ᠠᠵᠢᠯ ᠤᠨ ᠠᠯᠪᠠᠨ ᠤ ᠳᠠᠷᠤᠭ᠎ᠠ ᠨ ∙ ᠨᠠᠷᠠᠨᠭᠡᠷᠡᠯ᠂ ᠰᠤᠳᠤᠯᠤᠭᠠᠴᠢ ᠳ᠋ᠷ᠂ ᠵ ∙ ᠡᠨᠢᠪᠰᠢ᠂ ᠵ ∙ ᠲᠡᠭᠦᠰᠵᠢᠷᠭᠠᠯ ᠵᠡᠷᠭᠡ ᠰᠤᠳᠤᠯᠤᠭᠠᠴᠢᠳ ᠤᠨ ᠲᠥᠯᠦᠭᠡᠯᠡᠯ ᠪᠠᠢᠢᠯᠴᠠᠪᠠ᠃