Та "Internet explorer"-ийн сүүлийн хувилбар болох "Microsoft edge"-г ашиглана уу

Хэрэв "Microsoft edge"-г татах бол энд дарж татаж авна уу

ᠰᠤᠶᠤᠯ ᠤᠨ ᠥᠪ᠂ ᠡᠳ᠋ ᠵᠦᠢᠯᠡᠰ ᠦᠨ ᠬᠠᠭᠤᠯᠪᠤᠷᠢ ᠢᠢ ᠬᠦᠯᠢᠶᠡᠯᠭᠡᠨ ᠥᠭᠪᠡ

ᠮᠣᠩ᠋ᠭᠣᠯ ᠤᠯᠤᠰ ᠤᠨ ᠶᠡᠷᠦᠩᠬᠡᠢᠢᠯᠡᠭᠴᠢ ᠤ᠊ ∙ ᠬᠦᠷᠡᠯᠰᠦᠬᠡ ᠳᠥ ᠶᠠᠫᠣᠨ ᠤᠯᠤᠰ ᠤᠨ ᠲᠣᠺᠦ᠋ᠱᠢᠮᠠ ᠳ᠋ᠠᠬᠢ ᠡᠷᠭᠦᠮᠵᠢᠲᠦ ᠺᠣᠨ᠋ᠰᠤᠢᠯ ᠺᠠᠸᠠᠦ᠋ᠴᠢ ᠱᠢᠷᠣ‍ ᠪᠠᠷᠠᠭᠠᠯᠬᠠᠯ᠎ᠠ᠃

ᠡᠷᠭᠦᠮᠵᠢᠲᠦ ᠺᠣᠨ᠋ᠰᠤᠢᠯ ᠶᠠᠫᠣᠨ ᠤᠯᠤᠰ ᠤᠨ ᠡᠵᠡᠨ ᠬᠠᠭᠠᠨ ᠤ ᠣᠷᠳᠣᠨ ᠳᠤ ᠬᠠᠳᠠᠭᠠᠯᠠᠭᠳᠠᠵᠤ ᠪᠤᠢ 《ᠶᠤᠸᠠᠨ ᠭᠦᠷᠦᠨ ᠦ ᠴᠡᠷᠢᠭ ᠦᠨ ᠳᠣᠪᠲᠣᠯᠭᠠᠨ ᠢ ᠳᠦᠷᠰᠦᠯᠡᠭᠰᠡᠨ ᠬᠤᠢᠢᠯᠠᠮᠠᠯ ᠭᠠᠷ ᠵᠢᠷᠤᠭ ᠤᠳ》 ᠪᠣᠯᠤᠨ ᠨᠠᠷᠠ ᠮᠤᠵᠢ ᠢᠢᠨ 《ᠲᠡᠩᠷᠢ》 ᠶᠡᠬᠡ ᠰᠤᠷᠭᠠᠭᠤᠯᠢ ᠢᠢᠨ ᠨᠣᠮ ᠤᠨ ᠰᠠᠩ ᠳᠤ ᠬᠠᠳᠠᠭᠠᠯᠠᠭᠳᠠᠵᠤ ᠪᠤᠢ ᠴᠢᠩᠭᠢᠰ ᠬᠠᠭᠠᠨ ᠤ 《ᠭᠡᠷᠡᠭᠡ》  ᠢᠢᠨ A ᠬᠠᠭᠤᠯᠪᠤᠷᠢ ᠢᠢ ᠬᠦᠯᠢᠶᠡᠯᠭᠡᠨ ᠥᠭ᠍ᠪᠡ᠃

ᠡᠳᠡᠭᠡᠷ ᠬᠠᠭᠤᠯᠪᠤᠷᠢ ᠢᠢ ᠬᠢᠬᠦ ᠳᠥ ᠳᠡᠮᠵᠢᠯᠭᠡ ᠦᠵᠡᠭᠦᠯᠦᠭᠰᠡᠨ ᠳᠥ ᠮᠣᠩ᠋ᠭᠣᠯ ᠤᠯᠤᠰ ᠤᠨ ᠶᠡᠷᠦᠩᠬᠡᠢᠢᠯᠡᠭᠴᠢ ᠲᠠᠯᠠᠷᠬᠠᠯ ᠢᠯᠡᠷᠬᠡᠢᠢᠯᠡᠵᠦ᠂ ᠬᠠᠭᠤᠯᠪᠤᠷᠢ ᠨᠤᠭᠤᠳ 《ᠴᠢᠩᠭᠢᠰ ᠬᠠᠭᠠᠨ》 ᠮᠦᠽᠧᠢ ᠢᠢᠨ ᠭᠣᠣᠯ ᠦᠵᠡᠮᠦᠷᠢ ᠢᠢᠨ ᠨᠢᠭᠡ ᠪᠣᠯᠤᠨ᠎ᠠ ᠭᠡᠳᠡᠭ ᠲᠥ ᠢᠲᠡᠭᠡᠵᠦ ᠪᠠᠢᠢᠭ᠎ᠠ ᠪᠠᠨ ᠬᠡᠯᠡᠪᠡ᠃

ᠰᠣᠶᠣᠯ ᠤᠨ ᠥᠪ᠂ ᠡᠳ᠋ ᠵᠦᠢᠯᠡᠰ ᠦᠨ ᠬᠠᠭᠤᠯᠪᠤᠷᠢ ᠢᠢ ᠬᠦᠯᠢᠶᠡᠯᠭᠡᠨ ᠥᠭ᠍ᠬᠦ ᠳᠥ ᠭᠠᠳᠠᠭᠠᠳᠤ ᠬᠠᠷᠢᠯᠴᠠᠭᠠᠨ ᠤ ᠶᠠᠮᠤᠨ ᠤ ᠲᠥᠷᠦ ᠢᠢᠨ ᠨᠠᠷᠢᠨ ᠪᠢᠴᠢᠭ᠌ ᠦᠨ ᠳᠠᠷᠤᠭ᠎ᠠ ᠨ ∙ ᠠᠩᠬᠡᠪᠠᠶᠠᠷ᠂ ᠮᠣᠩ᠋ᠭᠣᠯ ᠤᠯᠤᠰ ᠠᠴᠠ ᠶᠠᠫᠣᠨ ᠤᠯᠤᠰ ᠲᠤ ᠰᠠᠭᠤᠭ᠎ᠠ ᠣᠨᠴᠠ ᠪᠥᠭᠡᠳ ᠪᠥᠷᠢᠨ ᠡᠷᠬᠡᠲᠦ ᠡᠯᠴᠢᠨ ᠰᠠᠢᠢᠳ ᠲ ∙ ᠪᠠᠲᠤᠵᠢᠷᠭᠠᠯ᠂ ᠮᠣᠩ᠋ᠭᠣᠯ ᠤᠯᠤᠰ ᠤᠨ ᠶᠡᠷᠦᠩᠬᠡᠢᠢᠯᠡᠭᠴᠢ ᠢᠢᠨ ᠭᠠᠳᠠᠭᠠᠳᠤ ᠪᠣᠳᠣᠯᠭ᠎ᠠ ᠢᠢᠨ ᠵᠥᠪᠯᠡᠬᠦ ᠡ᠊ ∙ ᠣᠳᠪᠠᠶᠠᠷ᠂ ᠮᠣᠩ᠋ᠭᠣᠯ ᠤᠯᠤᠰ ᠤᠨ ᠰᠣᠶᠣᠯ ᠤᠨ ᠡᠯᠴᠢ ᠶᠠ᠊ ∙ ᠮᠢᠺᠢ ᠨᠠᠷ ᠪᠠᠢᠢᠯᠴᠠᠪᠠ᠃