ᠣᠩ᠋ᠭᠣᠴᠠᠨ ᠠᠴᠠ 400 ᠯᠢᠲ᠋ᠷ ᠲᠧᠭᠨᠢᠭ ᠦᠨ ᠲᠣᠰ ᠠᠯᠳᠠᠭᠳᠠᠬᠤ ᠠᠶᠤᠯ ᠲᠠᠢ ᠪᠠᠢᠢᠭᠰᠠᠨ ᠪᠥᠭᠡᠳ 100 ᠯᠢᠲ᠋ᠷ ᠰᠢᠲᠠᠬᠤᠨ ᠠᠯᠠᠳᠠᠬᠤ ᠳᠤ 1.1 ᠺᠢᠯᠣᠮᠧᠲ᠋ᠷ ᠺᠦᠪ ᠤᠰᠤ ᠪᠣᠬᠢᠷᠳᠠᠨᠠ ᠭᠡᠰᠡᠨ ᠲᠣᠭᠠᠴᠠᠭᠠᠯᠠᠯ ᠭᠠᠷᠭᠠᠭᠰᠠᠨ ᠪᠠᠢᠢᠨ᠎ᠠ᠃
ᠮᠣᠩ᠋ᠭᠣᠯ ᠤᠯᠤᠰ ᠤᠨ ᠶᠡᠷᠦᠩᠬᠡᠢᠢᠯᠡᠭᠴᠢ᠂ ᠵᠡᠪᠰᠡᠭᠲᠦ ᠬᠦᠴᠦᠨ ᠦ ᠶᠡᠷᠦᠩᠬᠡᠢ ᠺᠣᠮᠠᠨ᠋ᠳ᠋ᠯᠠᠭᠴᠢ ᠤ᠊ ∙ ᠬᠦᠷᠡᠯᠰᠦ᠋ᠬᠡ ᠬᠥᠪᠰᠥᠭᠥᠯ ᠠᠢᠢᠮᠠᠭ ᠲᠤ ᠠᠵᠢᠯᠯᠠᠬᠤ ᠦᠶ᠎ᠡ ᠪᠡᠷ ᠢᠶᠡᠨ 《ᠰᠦᠬᠡᠪᠠᠭᠠᠲᠤᠷ》 ᠬᠥᠯᠭᠡ ᠣᠩ᠋ᠭᠣᠴᠠ ᠢᠢ ᠲᠠᠲᠠᠵᠤ ᠭᠠᠷᠭᠠᠭᠰᠠᠨ ᠪᠠᠭ ᠤᠨ ᠲᠥᠯᠥᠭᠡᠯᠡᠯ ᠲᠡᠢ ᠠᠭᠤᠯᠵᠠᠯ᠎ᠠ᠃
ᠲᠡᠷᠡᠪᠡᠷ 16 ᠮᠧᠲ᠋ᠷ ᠦᠨ ᠭᠦᠨᠳᠦ ᠪᠠᠢᠢᠭᠰᠠᠨ 309 ᠲᠣᠨ ᠵᠢᠩᠲᠡᠢ ᠬᠥᠯᠥᠭ ᠣᠩ᠋ᠭᠣᠴᠠ ᠢᠢ ᠲᠣᠭᠲᠠᠭᠠᠭᠰᠠᠨ ᠬᠤᠭᠤᠴᠠᠭᠠᠨ ᠳᠤ ᠣᠰᠣᠯ ᠠᠸᠠᠷ ᠦᠭᠡᠢ ᠲᠠᠲᠠᠵᠤ ᠭᠠᠷᠭᠠᠭᠰᠠᠨ ᠨᠡᠢᠢᠲᠡ ᠬᠠᠮᠲᠤ ᠣᠯᠠᠨ ᠳᠤ ᠲᠠᠯᠠᠷᠬᠠᠯ ᠢᠯᠡᠷᠬᠡᠢᠢᠯᠡᠪᠡ᠃ ᠡᠨᠡ ᠪᠣᠯ 2024 ᠣᠨ ᠭᠡᠬᠦ ᠳᠥ ᠨᠠᠭᠤᠷ ᠤᠨ ᠢᠷᠤᠭᠠᠷ ᠲᠤ ᠪᠠᠢᠢᠭ᠎ᠠ 60 ᠣᠷᠴᠢᠮ ᠮᠠᠱᠢᠨ᠂ ᠲᠧᠭᠨᠢᠭ ᠢ ᠲᠠᠲᠠᠵᠤ ᠭᠠᠷᠭᠠᠬᠤ ᠠᠵᠢᠯ ᠤᠨ ᠡᠬᠢᠯᠡᠯ ᠭᠡᠳᠡᠭ ᠢ ᠲᠣᠳᠣᠳᠬᠠᠯ᠎ᠠ᠃
ᠮᠣᠩ᠋ᠭᠣᠯ ᠤᠯᠤᠰ ᠤᠨ ᠵᠠᠰᠠᠭ ᠤᠨ ᠭᠠᠵᠠᠷ ᠬᠥᠪᠰᠥᠭᠥᠯ ᠨᠠᠭᠤᠷ ᠤᠨ ᠡᠺᠣ ᠰᠢᠰᠲ᠋ᠧᠮ ᠢ ᠬᠠᠮᠠᠭᠠᠯᠠᠬᠤ᠂ ᠨᠠᠭᠤᠷ ᠤᠨ ᠢᠷᠤᠭᠠᠷ ᠤᠨ ᠠᠶᠤᠯᠲᠠᠢ ᠬᠣᠭ ᠬᠠᠶᠠᠭᠳᠠᠯ ᠢ ᠴᠡᠪᠡᠷᠯᠡᠬᠦ᠂ ᠪᠣᠬᠢᠷᠳᠠᠯ ᠢ ᠪᠠᠭᠤᠷᠠᠭᠤᠯᠬᠤ ᠵᠣᠷᠢᠯᠭ᠎ᠠ ᠪᠠᠷ 2019᠂ 2020 ᠣᠨ ᠳᠤ ᠲᠣᠭᠲᠠᠭᠠᠯ ᠭᠠᠷᠭᠠᠨ᠂ ᠱᠠᠭᠠᠷᠳᠠᠭᠳᠠᠬᠤ ᠰᠠᠩᠬᠦᠵᠢᠯᠲᠡ ᠢᠢ ᠨᠢ ᠰᠢᠢᠳᠪᠦᠷᠢᠯᠡᠭᠰᠡᠨ ᠶᠤᠮ᠃
1985 ᠣᠨ ᠳᠤ ᠵᠢᠪᠪᠦᠭ᠍ᠰᠡᠨ 《ᠰᠦᠬᠡᠪᠠᠭᠠᠲᠤᠷ》 ᠬᠥᠯᠭᠡ ᠣᠩ᠋ᠭᠣᠴᠠ ᠢᠢ ᠣᠨᠴᠤᠭᠤᠢ ᠪᠠᠢᠢᠳᠠᠯ ᠤᠨ ᠶᠡᠷᠦᠩᠬᠡᠢ ᠭᠠᠵᠠᠷ ᠤᠨ ᠲᠡᠷᠢᠭᠦᠨ ᠳᠡᠳ᠋ ᠳᠠᠷᠤᠭ᠎ᠠ᠂ ᠬᠤᠷᠠᠩᠳᠠ ᠵ ∙ ᠴᠦᠯᠲᠢᠮᠰᠦ᠋ᠷᠦᠩ ᠢᠶᠡᠷ ᠠᠬᠠᠯᠠᠭᠤᠯᠤᠭᠰᠠᠨ ᠪᠠᠲᠤᠯᠠᠨ ᠬᠠᠮᠠᠭᠠᠯᠠᠬᠤ ᠶᠠᠮᠤ᠂ ᠪᠠᠢᠢᠭᠠᠯᠢ ᠣᠷᠴᠢᠨ᠂ ᠠᠶᠠᠯᠠᠯ ᠵᠢᠭᠤᠯᠴᠢᠯᠠᠯ ᠤᠨ ᠶᠠᠮᠤ᠂ ᠵᠡᠪᠰᠡᠭᠲᠦ ᠬᠦᠴᠦᠨ ᠦ ᠵᠠᠩᠵᠤᠨ ᠱᠲ᠋ᠠᠪ᠂ ᠣᠨᠴᠤᠭᠤᠢ ᠪᠠᠢᠢᠳᠠᠯ ᠤᠨ ᠶᠡᠷᠦᠩᠬᠡᠢ ᠭᠠᠵᠠᠷ᠂ ᠳᠡᠭᠡᠷᠡᠬᠢ ᠪᠠᠢᠢᠭᠤᠯᠤᠯᠭ᠎ᠠ ᠨᠤᠭᠤᠳ ᠤᠨ ᠬᠠᠷᠢᠶ᠎ᠠ ᠠᠩᠭᠢ ᠨᠤᠭᠤᠳ᠂ ᠵᠠᠮ᠂ ᠲᠡᠭᠡᠭᠡᠪᠦᠷᠢ ᠢᠢᠨ ᠬᠥᠭ᠍ᠵᠢᠯ ᠦᠨ ᠶᠠᠮᠤᠨ ᠤ ᠳᠠᠯᠠᠢ ᠢᠢᠨ ᠵᠠᠬᠢᠷᠭᠠᠨ ᠤ ᠭᠠᠵᠠᠷ᠂ ᠮᠡᠷᠭᠡᠵᠢᠯ ᠦᠨ ᠬᠢᠨᠠᠯᠲᠠ ᠢᠢᠨ ᠶᠡᠷᠦᠩᠬᠡᠢ ᠭᠠᠵᠠᠷ᠂ 《ᠡᠷᠳᠡᠨᠢᠲᠦ ᠦᠢᠯᠡᠳᠪᠦᠷᠢ》 ᠲᠥᠷᠦ ᠢᠢᠨ ᠥᠮᠴᠢᠲᠤ ᠦᠢᠯᠡᠳᠪᠦᠷᠢ ᠢᠢᠨ ᠭᠠᠵᠠᠷ᠂ ᠰᠢᠨᠵᠢᠯᠡᠬᠦ ᠤᠬᠠᠭᠠᠨ᠂ ᠲᠧᠭᠨᠣᠯᠣᠭᠢ ᠢᠢᠨ ᠶᠡᠬᠡ ᠰᠤᠷᠭᠠᠭᠤᠯᠢ᠂ ᠬᠥᠪᠰᠥᠭᠥᠯ ᠠᠢᠢᠮᠠᠭ ᠤᠨ ᠵᠠᠰᠠᠭ ᠳᠠᠷᠤᠭ᠎ᠠ ᠢᠢᠨ ᠲᠠᠮᠠᠭ᠎ᠠ ᠢᠢᠨ ᠭᠠᠵᠠᠷ᠂ ᠴᠠᠭᠳᠠᠭ᠎ᠠ ᠢᠢᠨ ᠭᠠᠵᠠᠷ᠂ ᠠᠯᠠᠭ-ᠡᠷᠳᠡᠨᠢ ᠰᠤᠮᠤ ᠢᠢᠨ ᠬᠠᠳᠬᠤᠯ ᠲᠣᠰᠬᠣᠨ ᠤ ᠵᠠᠬᠢᠷᠤᠭᠴᠢ ᠢᠢᠨ ᠠᠵᠢᠯ ᠤᠨ ᠠᠯᠪᠠ᠂ 《ᠬᠥᠪᠰᠥᠭᠥᠯ ᠤᠰᠤᠨ ᠵᠠᠮ》 ᠺᠣᠮᠫᠠᠨᠢ ᠢᠢᠨ ᠨᠡᠢᠢᠲᠡ 120 ᠭᠠᠷᠤᠢ ᠬᠦᠮᠦᠨ᠂ 50 ᠨᠢᠭᠡᠴᠡ ᠲᠧᠭᠨᠢᠭ ᠬᠡᠷᠡᠭᠰᠡᠯ ᠢᠶᠡᠷ ᠲᠠᠲᠠᠨ ᠭᠠᠷᠭᠠᠵᠠᠢ᠃
ᠣᠨᠴᠤᠭᠤᠢ ᠪᠠᠢᠢᠳᠠᠯ ᠤᠨ ᠪᠠᠢᠢᠭᠤᠯᠤᠯᠭ᠎ᠠ ᠢᠢᠨ 20 ᠭᠠᠷᠤᠢ ᠤᠰᠤᠴᠢᠨ ᠠᠪᠤᠷᠠᠭᠴᠢ ᠭᠡᠬᠦ ᠳᠥ ᠯᠠ ᠬᠥᠯᠭᠡ ᠣᠩ᠋ᠭᠣᠴᠠ ᠢᠢ ᠬᠤᠯᠪᠤᠬᠤ᠂ ᠬᠥᠰᠢᠭᠦᠷᠭᠡ ᠬᠢᠬᠦ᠂ ᠭᠦᠨ ᠬᠡᠮᠵᠢᠬᠦ᠂ ᠪᠢᠲᠡᠭᠦᠮᠵᠢᠯᠡᠬᠦ ᠵᠡᠷᠭᠡ ᠢᠢ ᠰᠠᠷ᠎ᠠ ᠭᠠᠷᠤᠢ ᠬᠤᠭᠤᠴᠠᠭᠠᠨ ᠳᠤ 100 ᠤᠳᠠᠭ᠎ᠠ ᠢᠢᠨ ᠱᠤᠩᠪᠠᠯᠲᠠ ᠪᠠᠷ ᠭᠦᠢᠴᠡᠳᠭᠡᠭ᠍ᠰᠡᠨ ᠪᠠᠢᠢᠨ᠎ᠠ᠃
《ᠰᠦᠬᠡᠪᠠᠭᠠᠲᠤᠷ》 ᠬᠥᠯᠭᠡ ᠣᠩ᠋ᠭᠣᠴᠠ 43.3 ᠮᠧᠲ᠋ᠷ ᠤᠷᠲᠤ᠂ 8.4 ᠮᠧᠲ᠋ᠷ ᠥᠷᠭᠡᠨ᠂ 5.7 ᠮᠧᠲ᠋ᠷ ᠥᠨᠳᠦᠷ ᠲᠡᠢ᠃ ᠣᠩ᠋ᠭᠣᠴᠠᠨ ᠳᠣᠲᠣᠷᠠᠬᠢ ᠤᠰᠤᠨ ᠤ ᠵᠢᠩ 1176.51 ᠲᠣᠨ᠂ 195.5 ᠲᠣᠨ ᠰᠢᠪᠠᠷ ᠬᠤᠷᠠᠮᠲᠤᠯᠠᠭᠳᠠᠭᠰᠠᠨ ᠪᠠᠢᠢᠵᠠᠢ᠃ ᠣᠩ᠋ᠭᠣᠴᠠᠨ ᠠᠴᠠ 400 ᠯᠢᠲ᠋ᠷ ᠲᠧᠭᠨᠢᠭ ᠦᠨ ᠲᠣᠰ ᠠᠯᠳᠠᠭᠳᠠᠬᠤ ᠠᠶᠤᠯ ᠲᠠᠢ ᠪᠠᠢᠢᠭᠰᠠᠨ ᠪᠥᠭᠡᠳ 100 ᠯᠢᠲ᠋ᠷ ᠰᠢᠲᠠᠬᠤᠨ ᠠᠯᠠᠳᠠᠬᠤ ᠳᠤ 1.1 ᠺᠢᠯᠣᠮᠧᠲ᠋ᠷ ᠺᠦᠪ ᠤᠰᠤ ᠪᠣᠬᠢᠷᠳᠠᠨᠠ ᠭᠡᠰᠡᠨ ᠲᠣᠭᠠᠴᠠᠭᠠᠯᠠᠯ ᠭᠠᠷᠭᠠᠭᠰᠠᠨ ᠪᠠᠢᠢᠨ᠎ᠠ᠃
1954 ᠣᠨ ᠳᠤ ᠵᠥᠪᠯᠡᠯᠲᠦ ᠬᠣᠯᠪᠣᠭᠠᠲᠤ ᠤᠯᠤᠰ ᠳᠥ ᠦᠢᠯᠡᠳᠪᠦᠷᠢᠯᠡᠭᠰᠡᠨ ᠡᠨᠡ ᠬᠥᠯᠭᠡ ᠣᠩ᠋ᠭᠣᠴᠠ ᠪᠠᠷ ᠪᠠᠷᠠᠭᠤᠨ ᠠᠢᠢᠮᠠᠭ ᠤᠳ ᠤᠨ ᠬᠡᠷᠡᠭᠴᠡᠭᠡᠲᠦ ᠰᠢᠲᠠᠬᠤᠨ᠂ ᠪᠤᠰᠤᠳ ᠪᠠᠷᠠᠭ᠎ᠠ ᠪᠦᠲᠦᠭᠡᠭ᠍ᠳᠡᠬᠦᠨ ᠲᠡᠭᠡᠭᠡᠪᠦᠷᠢᠯᠡᠳᠡᠭ ᠪᠠᠢᠢᠵᠠᠢ᠃